ᠪᠠᠳᠤᠴᠠᠭᠠᠨ ᠤ ᠨᠠᠮᠤᠷ

ᠡᠩᠭᠦᠯ ᠳᠤᠩᠬᠤᠯ ᠮᠠᠩᠬᠠᠨ ᠳᠠᠯ᠎ᠠ ᠳᠤ ᠪᠠᠨ

ᠶᠠᠪᠣᠭᠰᠠᠨ ᠵᠠᠮ ᠴᠢᠨᠢ ᠦᠷᠴᠢᠯᠡᠭᠡᠰᠤ ᠪᠠᠷ ᠳᠦᠭᠦᠷᠴᠡᠢ

ᠡᠢ᠌ᠰᠢ ᠪᠠᠨ ᠲ᠋ᠠᠢ᠌ᠰᠢ ᠪᠠᠨ ᠠᠵᠢᠭᠯᠠᠭᠰᠠᠨ ᠳᠦᠷᠢ ᠴᠢᠨᠢ

ᠰᠠᠯᠭᠢᠨ ᠤ ᠠᠶ᠎ᠠ ᠪᠠᠷ ᠠᠳᠤᠷᠢᠶ᠎ᠠ ᠲᠡᠶ ᠬᠤᠨᠤᠭᠰᠢᠵᠠᠢ


ᠨᠠᠷᠠᠨ ᠤ ᠭᠡᠷᠡᠯ ᠳᠤ ᠮᠥᠰᠢᠶᠡᠭ᠍ᠰᠡᠨ ᠴᠢᠷᠠᠢ ᠴᠢᠨᠢ ᠮᠦᠴᠢᠷᠯᠠᠨ ᠰᠠᠷᠪᠠᠯᠵᠠᠨ᠎ᠡ

ᠰᠠᠷᠠᠨ ᠤ ᠳᠤᠶᠠᠭᠠᠨ ᠳᠤ ᠴᠡᠩᠭᠡᠷᠯᠡᠭ᠍ᠰᠡᠨ ᠭᠠᠯᠪᠢᠷ ᠴᠢᠨᠢ ᠰᠡᠩᠭᠡᠢ᠌ᠨ ᠳᠠᠷᠪᠠᠯᠵᠠᠨ᠎ᠡ

ᠨᠠᠰᠤᠨ ᠤ ᠵᠡᠭᠦᠳᠤᠨ ᠶᠢᠡᠨ ᠨᠠᠪᠴᠢᠰ ᠳᠤ ᠪᠠᠨ ᠵᠢᠷᠤᠭᠯᠠᠨ ᠴᠢᠰᠤ ᠪᠠᠨ ᠳ᠋ᠦ᠋ᠩᠨᠠᠨ᠎ᠡ

ᠨᠠᠢ᠌ᠷᠠᠭ ᠤᠨ ᠰᠥᠩᠭᠢᠨᠡᠭᠡᠨ ᠳᠤ ᠪᠠᠨ ᠪᠣᠯᠵᠤᠮᠤᠷ ᠶᠢᠡᠨ ᠳᠠᠭᠤᠳᠠᠨ ᠳᠡᠭ᠍ᠷᠢ ᠪᠠᠨ ᠪᠠᠷᠠᠯᠠᠨ᠎ᠠ


ᠬᠠᠢ᠌ᠷ᠎ᠠ ᠶᠢᠨ ᠢᠳᠠ ᠳᠤ ᠪᠠᠨ ᠭᠠᠯ ᠶᠢᠡᠨ ᠰᠢᠳᠤᠵᠤ ᠦᠨᠳᠦᠰᠦ ᠪᠠᠨ ᠮᠠᠨᠠᠨ᠎ᠡ

ᠬᠠᠨᠢ ᠶᠢᠨ ᠵᠠᠶᠠᠭ᠎ᠠ ᠳᠤ ᠪᠠᠨ ᠮᠠᠨᠠᠨ ᠶᠢᠡᠨ ᠰᠡᠭ᠍ᠰᠦᠷᠴᠤ ᠤᠳᠦᠳ ᠶᠢᠡᠨ ᠣᠯᠵᠠᠷᠬᠠᠨ᠎ᠠ

ᠦᠣᠷ ᠤᠨ ᠳᠤᠶᠠᠭᠠᠨ ᠳᠤ ᠰᠢᠭᠦᠳᠡᠷᠢ ᠪᠠᠨ ᠡᠮᠭᠦᠵᠤ ᠢᠳᠡᠭᠡᠯ ᠶᠢᠡᠨ ᠡᠯᠭᠦᠨ᠎ᠡ

ᠦᠨᠳᠦᠷ ᠳᠡᠭ᠍ᠷᠢ ᠳᠤ ᠪᠠᠨ ᠢᠳᠡᠭᠡᠨ ᠮᠡᠭᠦᠢᠭ᠍ᠰᠡᠭᠡᠷ ᠵᠤᠯᠭᠠᠷᠠᠨ ᠴᠢᠯᠠᠭᠤᠵᠢᠨ᠎ᠡ ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1644
ᠴᠠᠭ᠄ 2012 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ