ᠭᠦᠭᠡ ᠳᠡᠭ᠍ᠷᠢ ᠶᠢᠨ ᠬᠠᠪᠣᠷ ᠢᠷᠠᠯ᠎ᠠ

ᠬᠠᠪᠣᠷ ᠤᠨ ᠳᠡᠯᠭᠡᠷ ᠨᠠᠷᠠ ᠨᠢ ᠬᠠᠩᠬᠤᠯᠠᠳᠠᠯ᠎ᠠ ᠭᠡᠷᠡᠯᠰᠢᠨ

ᠴᠡᠩᠭᠡᠷ ᠳᠡᠭ᠍ᠷᠢ ᠶᠢᠨ ᠴᠠᠭᠠᠨ ᠡᠭᠦᠯᠡ ᠨᠢ ᠬᠠᠢ᠌ᠷᠰᠤᠳᠠᠯ᠎ᠠ ᠳᠦᠭᠡᠷᠢᠵᠤ

ᠬᠠᠢ᠌ᠯᠠᠰᠤᠨ ᠤ ᠰᠠᠯᠠᠭ᠎ᠠ ᠨᠠᠮᠠᠭ᠎ᠠ ᠶᠢ ᠨᠤᠭᠤᠭᠠᠨ ᠶᠢᠡᠷ ᠪᠣᠳᠤᠭᠯᠠᠨ

ᠴᠡᠭ᠍ᠴᠡᠦᠭᠡᠢ ᠰᠢᠪᠠᠭᠤᠳ ᠤᠨ ᠱᠤᠯᠤᠭᠤᠨᠠᠭᠠᠨ ᠤ ᠭᠦᠭ᠌ ᠢ ᠨᠢ ᠣᠶᠠᠰᠠᠭᠤᠯᠤᠨ

ᠭᠦᠭᠡ ᠳᠡᠭ᠍ᠷᠢ ᠶᠢᠨ ᠬᠠᠪᠣᠷ ᠢᠷᠠᠯ᠎ᠠ


ᠳᠠᠯ᠎ᠠ ᠶᠢᠨ ᠨᠤᠭᠤᠭᠠᠨ ᠡᠪᠠᠰᠤ ᠨᠤᠭᠤᠭ᠎ᠠ ᠶᠢ ᠠᠩᠭᠢᠯᠤᠳᠠᠯ᠎ᠠ ᠣᠷᠭᠤᠭᠤᠯᠵᠤ

ᠦᠰᠪᠦᠷᠢ ᠶᠢᠨ ᠪᠠᠭᠠᠴᠤᠳ ᠤᠨ ᠦᠷᠪᠠᠯᠭᠡ ᠶᠢ ᠭᠦᠷᠳᠡᠨ ᠥᠭᠦᠭᠡᠷᠳᠡᠵᠤ

ᠳᠠᠨᠢᠯ ᠪᠣᠭᠤᠷᠤᠯ ᠤᠨ ᠠᠮᠢᠳᠤᠷᠠᠯ ᠤᠨ ᠵᠠᠮ ᠤᠨ ᠬᠤᠨᠢᠶᠠᠰᠤ ᠶᠢ ᠨᠢ ᠳᠤᠯᠠᠭᠠᠯᠠᠵᠤ

ᠦᠨᠢᠶ᠎ᠡ ᠮᠠᠯ ᠤᠨ ᠮᠥᠭᠡᠷᠡᠭᠡᠨ ᠮᠠᠢ᠌ᠯᠠᠭᠠᠨ ᠢ ᠨᠢ ᠣᠶᠠᠷᠠᠭᠤᠯᠵᠤ

ᠭᠦᠭᠡ ᠳᠡᠭ᠍ᠷᠢ ᠶᠢᠨ ᠬᠠᠪᠣᠷ ᠢᠷᠠᠯ᠎ᠠ


ᠥᠵᠦᠭᠦᠷ ᠦᠭᠡᠶ ᠰᠠᠷᠠᠨ ᠤ ᠰᠠᠨᠠᠭ᠎ᠠ ᠶᠢ ᠨᠢ ᠮᠥᠰᠢᠶᠡᠯᠭᠡᠵᠤ

ᠦᠩ ᠵᠢᠯ ᠤᠨ ᠰᠤᠪᠢᠩ ᠶᠢᠡᠷ ᠬᠤᠷ᠎ᠠ ᠪᠣᠷᠤᠭᠠᠨ ᠨᠠᠮᠢᠷᠭᠠᠯᠠᠵᠤ

ᠬᠤᠯᠠ ᠶᠠᠪᠣᠭᠰᠠᠨ ᠬᠠᠷᠢᠶᠠᠴᠠᠢ ᠶᠢ ᠨᠤᠳᠤᠭ ᠢ ᠨᠢ ᠰᠠᠨᠠᠭᠤᠯᠵᠤ

ᠬᠤᠤᠯᠢᠨ ᠭᠠᠤᠤᠯ ᠤᠨ ᠣᠷᠤᠰᠬᠠᠯ ᠤᠨ ᠢᠨᠢᠶᠠᠳᠤ ᠶᠢ ᠨᠢ ᠴᠠᠯᠭᠢᠭᠤᠯᠵᠤ

ᠭᠦᠭᠡ ᠳᠡᠭ᠍ᠷᠢ ᠶᠢᠨ ᠬᠠᠪᠣᠷ ᠢᠷᠠᠯ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠬᠠᠷᠢᠶ᠎ᠠ᠄ ᠰᠢᠯᠦᠭ
ᠳᠠᠷᠤᠮ᠄ 1859
ᠴᠠᠭ᠄ 2012 ᠤᠨ ᠤ 03 ᠰᠠᠷ᠎ᠠ ᠶᠢᠨ 20