ᠮᠤᠩᠭᠤᠯ ᠤᠨ ᠲᠠᠷᠢᠶ᠎ᠠ

ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊

ᠴᠢᠭᠢᠭ᠌ ᠦᠭᠡᠶ ᠰᠢᠷᠤᠢ ᠳᠤ ᠪᠣᠯᠠᠭᠰᠠᠨ ᠦᠷ᠎ᠡ

ᠴᠢᠭᠢ ᠦᠭᠡᠶ ᠳᠠᠷᠢᠶᠠᠨ ᠳᠤ ᠪᠠᠭᠤᠭᠰᠠᠨ ᠬᠤᠷ᠎ᠠ

ᠴᠢᠮᠦᠭᠡ ᠦᠭᠡᠶ ᠪᠣᠳᠠᠭᠠᠨ ᠳᠤ ᠣᠷᠤᠭᠰᠠᠨ ᠬᠠᠳᠤᠭᠤᠷ

ᠴᠢᠮᠡᠭᠡ ᠦᠭᠡᠶ ᠭᠦᠯᠦᠰᠤᠨ ᠳᠤ ᠳᠡᠪᠳᠦᠭ᠍ᠰᠡᠨ ᠠᠯᠴᠢᠭᠤᠷ


ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊

ᠣᠪᠣᠭᠠᠨ ᠤ ᠡᠮᠦᠨ᠎ᠡ ᠰᠥᠭᠦᠳᠦᠭ᠍ᠰᠡᠨ ᠭᠦᠯ

ᠣᠰᠤᠨ ᠤ ᠳᠤᠮᠳᠠ ᠰᠢᠭᠦᠷᠡᠭ᠍ᠰᠡᠨ ᠭᠠᠷ

ᠣᠯᠠ ᠳᠤ ᠪᠠᠭᠤᠭᠰᠠᠨ ᠣᠷᠤᠢ ᠶᠢᠨ ᠭᠦᠯᠦᠰᠤ

ᠣᠷᠤᠢ ᠳᠤ ᠨᠠᠭᠠᠯᠳᠤᠭᠰᠠᠨ ᠣᠯᠠ ᠶᠢᠨ ᠳᠤᠭᠤᠰᠤ


ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊

ᠣᠷᠳᠤ ᠶᠢᠨ ᠣᠷᠳᠤ ᠰᠤᠨᠤᠯᠵᠠᠭᠰᠠᠨ ᠵᠢᠷᠤᠬ᠎ᠠ

ᠣᠷᠳᠤ ᠶᠢᠨ ᠣᠷᠳᠤ ᠠᠯᠳᠠᠭᠰᠠᠨ ᠰᠡᠭᠦᠷᠡᠰᠤ

ᠣᠨ ᠣᠨ ᠤ ᠭᠠᠩᠳᠠᠯ ᠣᠰᠤᠳᠤᠯ

ᠣᠯᠠᠨ ᠣᠯᠠᠨ ᠬᠠᠢ᠌ᠷ᠎ᠠ ᠬᠤᠷᠤᠰᠤᠯ


ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊

ᠨᠠᠷᠠᠨ ᠤ ᠭᠡᠷᠡᠯ ᠳᠤ ᠬᠠᠷᠠᠯᠠᠭᠰᠠᠨ ᠦᠳᠦᠷᠮ᠎ᠠ

ᠰᠠᠷᠠᠨ ᠤ ᠳᠤᠶᠠᠭᠠᠨ ᠳᠤ ᠬᠠᠳᠠᠭᠰᠠᠨ ᠰᠡᠭᠦᠳᠡᠷ

ᠨᠠᠮᠤᠷ ᠨᠠᠮᠤᠷ ᠤᠨ ᠡᠴᠡᠩᠭᠡᠢ ᠣᠶᠠᠩᠭ᠋᠎ᠠ

ᠨᠠᠮᠢ᠋ᠢ ᠴᠢᠮᠢ᠋ᠢ ᠣᠶᠠᠷᠠᠭᠤᠯᠤᠭᠰᠠᠨ ᠳᠠᠭᠤᠤ᠃


ᠵᠤᠬᠢᠶᠠᠭᠴᠢ᠄ ᠨᠠ᠊·ᠬᠦᠬᠡᠰᠢᠭᠤᠢ
ᠬᠠᠷᠢᠶ᠎ᠠ᠄ ᠰᠢᠯᠦᠭ
ᠳᠠᠷᠤᠮ᠄ 2425
ᠴᠠᠭ᠄ 2005 ᠤᠨ ᠤ 06 ᠰᠠᠷ᠎ᠠ ᠶᠢᠨ 27