ᠮᠢᠨᠤ ᠡᠵᠢ

ᠭᠦᠮᠤᠨ ᠤ ᠶ‍ᠢᠷᠳᠢᠠᠴᠤ ᠳᠤ ᠳᠦᠷᠦᠮᠡᠭ᠍ᠴᠡ ᠡᠭᠡ ᠶᠢᠨ ᠬᠠᠢ᠌ᠷ᠎ᠠ ᠶᠢ ᠬᠠᠮᠤᠭ ᠳᠡᠷᠢᠭᠦᠨ ᠳᠤ ᠭᠦᠷᠳᠡᠳᠡᠭ᠌᠃ ᠡᠵᠢ ᠶᠢᠨ ᠬᠠᠢ᠌ᠷ᠎ᠠ ᠡᠨᠡᠷᠢᠯ ᠤᠨ ᠳᠠᠯᠠᠢ ᠭᠡᠳᠡᠭ᠌ ᠢ ᠭᠦᠮᠦᠰ ᠭᠦᠮᠤᠨ ᠪᠣᠯᠤᠭᠠᠤᠨ ᠰᠠ‍‌ᠶᠢ ᠣᠬᠠᠭᠠᠷᠠᠨ ᠣᠢ᠌ᠯᠠᠭᠠᠵᠤ ᠭᠡᠨᠡᠨ ᠬᠠᠷᠠᠮᠰᠠᠳᠠᠭ ᠶᠤᠮ ᠪᠠᠢ᠌ᠵᠠᠢ᠃ ᠳᠤᠮᠤᠭ᠎ᠠ ᠦᠭᠡᠶ ᠠᠯᠢᠶᠠᠷᠬᠠᠵᠤ ᠡᠭᠡ ᠶᠢᠨ ᠬᠠᠢ᠌ᠷ᠎ᠠ ᠶᠢᠨ ᠬᠠᠳᠠᠭᠤ ᠰᠢᠳᠠᠮ ᠳᠤ ᠰᠤᠷᠭᠠᠭᠳᠠᠬᠤ ᠳᠠᠭᠠᠨ ᠬᠤᠷᠤᠰᠴᠤ ᠳᠤᠷ᠎ᠠ ᠥᠭᠡᠢ᠌ᠴᠡᠵᠤ ᠶᠠᠪᠣᠬᠤ ᠳᠤ ᠡᠨᠡ ᠨᠢ ᠭᠦᠮᠤᠨ ᠪᠣᠯᠬᠤ ᠠᠩᠬᠠᠨ ᠤ ᠶᠤᠰᠤ ᠶᠤᠮ ᠭᠡᠳᠡᠭ᠌ ᠢ ᠮᠡᠳᠡᠳᠡᠭ᠌ ᠦᠭᠡᠶ ᠪᠠᠢ᠌ᠭᠰᠠᠨ᠃ ᠮᠢᠨᠤ ᠡᠵᠢ ᠪᠣᠯ ᠵᠢᠷ ᠤᠨ ᠮᠠᠯᠴᠢᠨ ᠪᠦᠰᠡᠭᠦᠢ ᠶᠤᠮ᠃ ᠡᠵᠢ ᠮᠢᠨᠢ᠂ ᠪᠣᠰᠤᠳ ᠡᠴᠠ ᠣᠠᠴᠠᠭᠠᠢ ᠥᠩᠭᠡ ᠭᠡᠷᠡᠯ ᠠᠯᠳᠠᠷ ᠳᠠᠭᠤᠷᠢᠰᠤᠯ ᠦᠭᠡᠶ ᠪᠣᠯᠪᠠᠴᠤ ᠮᠢᠨᠤ ᠪᠣᠳᠤᠯ ᠳᠤ ᠪᠣᠯ ᠠᠵᠢᠯᠴᠢ ᠪᠣᠷᠤᠭᠵᠢᠭᠤᠨ ᠳᠠᠰᠪᠣᠷᠢ ᠬᠠᠳᠠᠭᠤᠵᠢᠯᠳᠠᠢ ᠦᠪᠡᠷ ᠤᠨ ᠬᠠᠮᠤᠭ ᠤᠨ ᠶᠡᠭᠡ ᠴᠢᠷᠮᠠᠢ᠌ᠯᠭ᠎ᠠ ᠪᠠᠷ ᠶᠢᠡᠨ ᠦᠷ᠎ᠡ ᠬᠡᠦᠬᠡᠳ ᠠᠢ᠌ᠯ ᠭᠡᠷ ᠲᠡᠭᠡᠨ ᠪᠠᠶᠠᠷ ᠵᠢᠷᠭᠠᠯ ᠢ ᠣᠯᠭᠤᠳᠠᠭ ᠰᠠᠢ᠌ᠨ ᠡᠵᠢ ᠪᠠᠢ᠌ᠭᠰᠠᠨ ᠶᠤᠮ᠃ ᠡᠵᠢ᠂ ᠬᠠᠯᠠᠭᠤᠨ ᠵᠤᠨ ᠬᠠᠭᠢᠷ ᠡᠪᠦᠯ ᠢ ᠬᠠᠢ᠌ᠬᠤᠷᠤᠯ ᠦᠭᠡᠶ ᠬᠤᠨᠢᠳ ᠤᠨ ᠶᠢᠡᠨ ᠬᠠᠵᠠᠭᠤ ᠪᠠᠷ ᠠᠵᠢᠯᠯᠠᠵᠤ ᠪᠠᠢ᠌ᠳᠠᠭ ᠡᠴᠠ ᠮᠠᠩᠨᠠᠢ ᠶᠢᠨ ᠦᠷᠴᠢᠯᠡᠭᠡᠰᠤ ᠨᠢ ᠨᠡᠮᠡᠭ᠍ᠳᠡᠭ᠍ᠰᠡᠨ ᠴᠤ ᠠᠮᠢᠳᠤᠷᠠᠯ ᠳᠤ ᠪᠠᠨ ᠭᠡᠵᠢᠶ᠎ᠡ ᠴᠤ ᠣᠷᠤᠮᠳᠠᠭ᠎ᠠ ᠦᠭᠡᠶ᠃ ᠭᠠᠷ ᠤᠨ ᠭᠢᠨᠢ ᠠᠯᠠᠭ᠎ᠠ ᠨᠢ ᠡᠪᠠᠷᠰᠢᠵᠤ ᠬᠠᠳᠠᠭᠤᠷᠠᠰᠢᠭᠰᠠᠨ ᠴᠤ ᠭᠢᠵᠤ ᠪᠠᠢ᠌ᠭ᠎ᠠ ᠠᠵᠢᠯ ᠶᠢᠡᠨ ᠶᠠᠷᠤ ᠵᠤᠭᠰᠤᠭ᠎ᠠ ᠦᠭᠡᠶ ᠪᠠᠳᠤ ᠵᠤᠷᠢᠭ ᠲᠡᠶ᠃

ᠡᠵᠢ᠂ ᠮᠢᠨᠤ ᠲᠦᠯᠦᠭᠡ ᠣᠭᠢᠯᠠᠵᠤ ᠴᠤ ᠪᠠᠢ᠌ᠭᠰᠠᠨ᠂ ᠣᠮᠤᠭᠰᠢᠵᠤ ᠴᠤ ᠪᠠᠢ᠌ᠭᠰᠠᠨ᠂ ᠠᠷᠢᠭᠤᠨ ᠰᠤᠷᠭᠠᠯ ᠶᠢᠡᠨ ᠢᠪᠠᠯᠭᠡᠵᠤ᠂ ᠡᠷᠳᠡᠮ ᠪᠢᠴᠢᠭ᠌ ᠶᠢᠡᠨ ᠰᠠᠢ᠌ᠨ ᠰᠤᠷ ᠭᠡᠵᠤ ᠣᠷᠮᠠᠰᠢᠭᠤᠯᠵᠤ ᠴᠤ ᠪᠠᠢ᠌ᠭᠰᠠᠨ ᠪᠢᠯᠠ᠃

ᠭᠤᠷᠪᠠᠳᠤᠭᠠᠷ ᠠᠩᠭᠢ ᠪᠠᠢ᠌ᠬᠤ ᠳᠤ ᠪᠢ ᠬᠤᠭᠤᠴᠠᠭ᠎ᠠ ᠡᠴᠦᠰ ᠤᠨ ᠡᠡᠩᠭ᠍ᠯᠢ ᠭᠡᠯᠡᠨ ᠤ ᠰᠢᠯᠭᠠᠯᠳᠠ ᠳᠠᠭᠠᠨ ᠰᠠᠢ᠌ᠨ ᠰᠢᠯᠭᠠᠭᠰᠠᠨ ᠦᠭᠡᠶ ᠪᠣᠯᠬᠤᠷ ᠶᠡᠭᠡ ᠵᠤᠪᠠᠵᠤ ᠵᠢᠷᠦᠭᠡ ᠪᠠᠨ ᠭᠠᠷ ᠲᠠᠭᠠᠨ ᠪᠠᠷᠢᠵᠤ ᠭᠡᠷ ᠲᠤ ᠪᠠᠨ ᠭᠦᠷᠦᠭ᠍ᠰᠡᠨ ᠪᠢᠯᠠ᠃ ᠪᠢ᠂ ᠭᠡᠷ ᠲᠡᠭᠡᠨ ᠣᠷᠤᠵᠤ ᠬᠤᠶᠠᠷ ᠥᠭᠡ ᠶᠠᠷᠢᠵᠤ ᠠᠮᠵᠢᠭ᠎ᠠ ᠦᠭᠡᠶ ᠪᠠᠷ ᠡᠵᠢ ᠮᠢᠨᠤ ᠭᠢᠨᠠᠨ ᠳᠤᠭᠳᠠᠭᠠᠯ ᠢ ᠠᠪᠬᠤ ᠪᠠᠷ ᠱᠠᠭᠠᠷᠳᠠᠪᠠ᠃ ᠵᠢᠷᠦᠭᠡ ᠲᠤᠢ᠌ᠯ ᠤᠨ ᠳᠦᠷᠭᠡᠨ ᠴᠤᠭᠢᠯᠵᠤ ᠡᠡᠩᠭ᠍ᠯᠢ ᠭᠡᠯᠡᠨ ᠤ ᠬᠤᠪᠢ ᠪᠠᠨ ᠪᠣᠳᠤᠬᠤᠯᠠᠷ ᠶᠡᠭᠡ ᠠᠶᠤᠳᠠᠰᠤ ᠭᠦᠷᠴᠤ ᠪᠠᠢ᠌ᠪᠠ᠃ 《ᠭᠢᠪᠠᠯ ᠪᠣᠤ ᠠᠶᠤ᠂ ᠠᠶᠤᠪᠠᠯ ᠪᠣᠤ ᠭᠢ》 ᠭᠡᠵᠤ ᠦᠪᠡᠷ ᠢ ᠪᠠᠨ ᠵᠤᠷᠢᠭᠵᠢᠭᠤᠯᠵᠤ ᠵᠤᠭᠰᠤᠬᠤ ᠳᠤ ᠡᠵᠢ᠂ ᠬᠤᠪᠢ ᠨᠤᠭᠤᠳ ᠢ ᠬᠠᠷᠠᠭᠠᠤᠨ᠄ 《ᠡᠡᠩᠭ᠍ᠯᠢ ᠭᠡᠯᠡ ᠭᠦᠴᠢᠷ ᠪᠠᠢ᠌ᠬᠤ ᠨᠢ ᠳᠠᠭᠠᠷᠠᠨ᠎ᠠ᠂ ᠳᠠᠷᠠᠭ᠎ᠠ ᠪᠠᠷ ᠢᠯᠡᠭᠦᠤ ᠴᠢᠷᠮᠠᠢ ᠳ᠋ᠠ ︕》 ᠭᠡᠭᠦ ᠳᠤ ᠪᠢ᠂ ᠡᠵᠢ ᠳᠤ ᠪᠠᠨ ᠳᠤᠩ ᠪᠠᠶᠠᠷᠯᠠᠵᠤ ᠨᠠᠮ᠎ᠠ ᠶᠢ ᠣᠢ᠌ᠯᠠᠭᠠᠵᠤ ᠨᠠᠮ᠎ᠠ ᠶᠢ ᠬᠠᠢ᠌ᠷ᠎ᠠ ᠪᠠᠷ ᠰᠤᠷᠭᠠᠭᠰᠠᠨ ᠳᠤ ᠰᠡᠳᠬᠢᠯ ᠣᠶᠠᠷᠠᠭᠰᠠᠨ ᠪᠢᠯᠠ᠃

ᠬᠤᠶᠠᠳᠤᠭᠠᠷ ᠣᠨ ᠪᠠᠢ᠌ᠬᠤ ᠳᠤ ᠪᠢ ᠶᠠᠷᠤ ᠡᠴᠠ ᠱᠠᠩᠨᠠᠯ ᠳᠤᠰᠴᠤ ᠥᠩᠭᠡᠷᠡᠭᠡ ᠦᠭᠡᠶ᠃ ᠡᠵᠢ ᠮᠢᠨᠢ᠂ ᠨᠠᠳᠠ ᠲᠤᠢ᠌ᠯ ᠶᠢᠡᠷ ᠣᠷᠮ᠎ᠠ ᠦᠭᠡᠶ ᠪᠠᠢ᠌ᠳᠠᠭ ᠢ ᠪᠢ ᠣᠢ᠌ᠯᠠᠭᠠᠵᠤ ᠮᠡᠳᠡᠭ᠍ᠰᠡᠨ ᠦᠭᠡᠶ᠃ ᠨᠢᠭᠡ ᠣᠳᠠᠭ᠎ᠠ ᠬᠤᠭᠤᠴᠠᠭ᠎ᠠ ᠡᠴᠦᠰ ᠤᠨ ᠰᠢᠯᠭᠠᠯᠳᠠ ᠳᠠᠭᠠᠨ ᠰᠠᠢ᠌ᠨ ᠰᠢᠯᠭᠠᠭᠰᠠᠨ ᠦᠭᠡᠶ ᠬᠡᠦᠬᠡᠳ ᠤᠳ ᠢ ᠱᠠᠩᠨᠠᠬᠤ ᠬᠤᠷᠠᠯ ᠳᠤ ᠣᠷᠤᠯᠴᠠᠭᠤᠯᠪᠠ᠃ ᠰᠡᠭᠦᠯᠡᠷ ᠨᠢ ᠡᠵᠢ ᠮᠢᠨᠢ ᠨᠠᠳᠠ ᠳᠤ᠄ 《ᠭᠦᠮᠤᠨ ᠤ ᠬᠡᠦᠬᠡᠳ ᠱᠠᠩᠨᠠᠯ ᠳᠤᠰᠴᠤ ᠪᠠᠢ᠌ᠬᠤ ᠳᠤ ᠴᠢ ᠬᠤᠭᠤᠰᠤᠨ ᠭᠠᠷ ᠶᠢᠡᠨ ᠪᠠᠷᠢᠵᠤ ᠯᠠ ᠴᠢᠳᠠᠨ᠎ᠠ ︕》 ᠭᠡᠵᠤ ᠨᠢᠯᠪᠣᠰᠤ ᠳᠤᠰᠤᠯᠠᠭᠤᠯᠤᠨ ᠶᠠᠷᠢᠬᠤ ᠳᠤ ᠳᠤᠳᠤᠷ᠎ᠠ ᠰᠠᠮ ᠪᠠᠭᠤᠪᠠ᠃ ᠰᠡᠭᠦᠯ ᠳᠤ ᠭᠤᠷᠪᠠᠳᠤᠭᠠᠷ ᠣᠨ ᠤ ᠣᠷᠠᠨ ᠳᠤᠳᠤ ᠣᠩᠰᠢᠯᠭ᠎ᠠ ᠶᠢᠨ ᠣᠷᠤᠯᠳᠤᠭᠠᠨ ᠤ ᠳᠠᠰ ᠲᠤ ᠣᠷᠤᠭᠠᠤᠨ ᠭᠡᠷ ᠲᠡᠭᠡᠨ ᠣᠳᠠᠰᠤ ᠠᠪᠴᠤ ᠭᠡᠯᠡᠭ᠍ᠰᠡᠨ ᠳᠤ ᠡᠵᠢ ᠭᠡᠳᠦᠳᠦᠭᠡᠷ ᠳᠠᠰ ᠢ ᠠᠰᠠᠭᠤᠬᠤ ᠦᠭᠡᠶ ᠬᠠᠷᠢᠨ ᠶᠠᠮᠠᠷ ᠵᠤᠬᠢᠶᠠᠯ ᠣᠩᠰᠢᠭᠰᠠᠨ ᠢ ᠠᠰᠠᠭᠤᠪᠠ᠃ ᠡᠨᠡ ᠨᠢ ᠨᠠᠳᠠ ᠳᠤ ᠳᠠᠪᠰᠢᠬᠤ ᠶᠢᠨ ᠭᠦᠳᠡᠯᠭᠡᠭᠦ ᠭᠦᠴᠤᠨ ᠪᠣᠯᠵᠤ ᠨᠠᠳᠠ ᠶᠢ ᠣᠯᠠᠮ ᠵᠤᠷᠢᠭᠵᠢᠭᠤᠯᠤᠭᠰᠠᠨ ᠪᠢᠯᠠ᠃

ᠮᠢᠨᠤ ᠡᠵᠢ ᠶᠢᠨ ᠬᠠᠢ᠌ᠷ᠎ᠠ ᠥᠭ᠍‍ᠭᠢᠶᠡᠮᠦᠷ ᠦᠭᠡᠶ᠂ ᠶᠠᠷᠤ ᠳᠡᠭᠡᠨ ᠨᠢᠭᠡ ᠳᠠᠯᠳᠠ ᠭᠦᠴᠤᠨ ᠨᠢᠭᠤᠭᠳᠠᠵᠤ ᠬᠠᠢ᠌ᠷᠠᠯᠠᠵᠤ ᠪᠠᠢ᠌ᠪᠠᠴᠤ᠂ ᠰᠢᠭᠦᠮᠵᠢᠯᠡᠵᠤ ᠪᠠᠢ᠌ᠪᠠᠴᠤ᠂ ᠬᠠᠢ᠌ᠷ᠎ᠠ ᠰᠤᠷᠭᠠᠯ ᠤᠨ ᠨᠢᠭᠡ ᠶᠤᠰᠤ ᠠᠭᠤᠯᠤᠭᠳᠠᠵᠤ ᠪᠠᠢ᠌ᠳᠠᠭ ᠰᠠᠨ᠃ ᠦᠪᠡᠷ ᠶᠢᠡᠨ ᠣᠬᠠᠭᠠᠨ ᠦᠭᠡᠶ ᠭᠡᠨᠡᠨ ᠪᠣᠳᠤᠯ ᠲᠡᠶ ᠳᠠᠭᠠᠨ ᠡᠵᠢ ᠪᠠᠨ ᠦᠷᠤ ᠡᠪᠡᠳᠳᠡᠭ᠌ ᠦᠭᠡᠶ ᠪᠣᠯᠪᠠᠴᠤ ᠬᠠᠷᠠᠮ ᠦᠭᠡᠶ ᠬᠠᠢ᠌ᠷ᠎ᠠ ᠪᠠᠷ ᠦᠷ᠎ᠡ ᠪᠠᠨ ᠪᠦᠦᠪᠠᠢ᠌ᠯᠡᠳᠡᠭ᠌ ᠡᠵᠢ ᠲᠡᠶ ᠳᠤ ᠪᠠᠨ ᠣᠮᠤᠭᠰᠢᠳᠠᠭ᠃ ᠡᠵᠢ ᠭᠦᠮᠤᠨ ᠤ ᠠᠴᠢ ᠶᠢ ᠰᠢᠭᠦᠳᠡᠷᠢ ᠶᠢᠨ ᠣᠰᠤ ᠪᠠᠷ ᠴᠠᠢ ᠴᠢᠨᠠᠵᠤ ᠦᠭ‍ᠪᠠᠴᠤ᠂ ᠬᠠᠷᠢᠭᠤᠯᠵᠤ ᠪᠠᠷᠠᠬᠤ ᠦᠭᠡᠶ ᠭᠡᠳᠡᠭ᠌ ᠨᠢ ᠦᠨᠡᠨ ᠪᠠᠢ᠌ᠵᠠᠢ᠃ ᠡᠷᠳᠡᠮ ᠮᠡᠳᠡᠯᠭᠡ ᠪᠠᠨ ᠰᠠᠢ᠌ᠨ ᠰᠤᠷᠴᠤ᠂ ᠠᠤᠭ᠎ᠠ ᠭᠦᠰᠡᠯ ᠳᠡᠭᠡᠨ ᠮᠠᠷᠠᠢ᠌ᠨ ᠵᠢᠳᠭᠦᠪᠠᠯ᠂ ᠡᠵᠢ ᠳᠤ ᠪᠠᠨ ᠦᠭ‍ᠭᠦᠭ᠍ᠰᠡᠨ ᠦᠴᠦᠭᠡᠨ ᠠᠴᠢ ᠪᠠᠢ᠌ᠬᠤ ᠡ ︕ ᠭᠡᠵᠤ ᠪᠢ ᠰᠡᠳᠭᠢᠯ ᠵᠢᠷᠦᠭᠡᠨ ᠡᠴᠠ ᠪᠠᠨ ᠪᠣᠳᠤᠨ᠎ᠠ᠃

ᠮᠢᠨᠤ ᠬᠠᠢ᠌ᠷᠠᠳᠤ ᠡᠵᠢ ᠮᠢᠨᠢ ᠡ ︕


ᠪᠠᠭᠰᠢ ᠶᠢᠨ ᠴᠤᠬᠤᠯᠠᠪᠣᠷᠢ᠄

ᠳᠤᠰ ᠵᠤᠬᠢᠶᠠᠯ ᠤᠨ ᠵᠤᠬᠢᠶᠠᠮᠵᠢ ᠴᠢᠩᠭ᠎ᠠ᠂ ᠰᠢᠭᠦᠮᠵᠢᠯᠡᠯ ᠪᠠ ᠣᠶᠠᠩᠭ᠋ᠠᠯᠠᠯ ᠢ ᠣᠷᠭᠠᠨᠢᠭ ᠶᠢᠡᠷ ᠣᠶᠠᠯᠳᠤᠭᠤᠯᠵᠤ ᠨᠢᠭᠤᠴᠠ ᠳᠠᠯᠳᠠ ᠰᠡᠳᠬᠢᠯᠭᠡ ᠶᠢᠨ ᠭᠦᠳᠡᠯᠭᠡᠭᠡᠨ ᠢ ᠠᠮᠢᠳᠤᠯᠢᠭ ᠳᠤᠳᠤᠷᠠᠭᠤᠯᠤᠭᠰᠠᠨ ᠪᠠᠢ᠌ᠨ᠎ᠠ᠃ ᠪᠠᠭ᠎ᠠ ᠰᠤᠷᠭᠠᠭᠤᠯᠢ ᠶᠢᠨ ᠬᠡᠦᠬᠡᠳ ᠲᠤ ᠠᠪᠴᠤ ᠭᠡᠯᠡᠪᠠᠯ᠂ ᠭᠦᠨ ᠭᠦᠡᠵᠡᠭᠡᠢ ᠰᠠᠨᠠᠭ᠎ᠠ ᠠᠬᠤᠢ ᠶᠢ ᠢᠯᠡᠳᠭᠡᠵᠤ ᠴᠢᠳᠠᠭᠰᠠᠨ ᠡᠴᠠ ᠭᠦᠡᠳᠦᠴᠡ ᠶᠢᠨ ᠳᠠᠯ᠎ᠠ ᠨᠠᠯᠢᠶᠠᠤᠨ ᠦᠨᠳᠦᠷ ᠪᠣᠯᠵᠤ ᠪᠣᠯᠤᠨ᠎ᠡ᠃

ᠵᠢᠯᠤᠭᠤᠳᠤᠭᠰᠠᠨ ᠪᠠᠭᠰᠢ᠄ ᠡᠷᠳᠡᠨᠢᠭᠤᠸ᠎ᠡ

2011.11.28


ᠵᠤᠬᠢᠶᠠᠭᠴᠢ ᠶᠢᠨ ᠬᠠ‍‌ᠶᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠮᠤᠩᠭ᠋ᠤᠯ ᠭᠦᠰᠡᠯ ᠪᠠᠭ᠎ᠠ ᠰᠤᠷᠭᠠᠭᠤᠯᠢ

ᠵᠤᠬᠢᠶᠠᠭᠴᠢ᠄ ᠨᠠᠯᠠᠭᠠᠷᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2862
ᠴᠠᠭ᠄ 2011 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ