ᠡᠩᠬᠡ ᠰᠠᠢ᠌ᠬᠠᠨ ᠢᠷᠡᠭᠡᠳᠦᠢ

ᠬᠡᠦᠬᠡᠳ ᠪᠠᠭᠠᠴᠤᠳ ᠤᠨ ᠡᠷᠡᠭᠦᠯ ᠡᠩᠬᠡ ᠪᠠᠷ ᠦᠰᠦᠨ ᠪᠣᠢ᠌ᠵᠢᠬᠤ ᠨᠢ ᠠᠪᠣ ᠡᠵᠢ ᠪᠣᠯᠤᠭᠰᠠᠤᠨ ᠤᠨ ᠡᠭᠦᠷᠭᠡ ᠬᠠᠷᠢᠭᠤᠴᠠᠯᠭ᠎ᠠ ᠮᠦᠷᠳᠡᠭᠡᠨ ᠨᠡᠢ᠌ᠭᠡᠮ ᠤᠨ ᠡᠯ᠎ᠡ ᠳᠠᠪᠬᠤᠷᠭ᠎ᠠ ᠪᠠ ᠰᠤᠷᠭᠠᠭᠤᠯᠢ ᠨᠤᠭᠤᠳ ᠤᠨ ᠮᠦᠷᠤᠨ ᠳᠤ ᠪᠠᠢ᠌ᠭ᠎ᠠ ᠭᠦᠡᠳᠤ ᠴᠢᠬᠤᠯᠠ ᠡᠭᠦᠷᠭᠡ ᠮᠦᠨ᠃

ᠪᠢᠳᠠ ᠪᠦᠭᠦᠨ ᠳᠠᠳᠠᠨᠠᠷ ᠤᠨ ᠪᠠᠶ᠎ᠠ ᠮᠠᠬᠠᠪᠣᠤᠨ ᠤᠨ ᠡᠷᠡᠭᠦᠯ ᠴᠢᠭᠢᠷᠠᠭ ᠤᠨ ᠳᠠᠯ᠎ᠠ ᠪᠠᠷ ᠠᠩᠬᠠᠷᠬᠤ ᠪᠠᠷ ᠪᠠᠷᠠᠬᠤ ᠦᠭᠡᠶ ᠵᠠᠩ ᠰᠤᠷᠳᠠᠯ ᠦᠵᠡᠯ ᠣᠬᠠᠮᠰᠠᠷ ᠤᠨ ᠳᠠᠯ᠎ᠠ ᠳᠤ ᠴᠤ ᠢᠯᠡᠭᠦᠭᠡᠨ ᠰᠡᠳᠭᠢᠯ ᠴᠢᠯᠡᠭᠡᠭᠦ ᠴᠢᠬᠤᠯᠠ ᠲᠡᠶ ᠪᠢᠯᠠ᠃ ᠳᠠᠳᠠ ᠪᠣᠯ ᠡᠭᠡ ᠣᠷᠤᠨ᠂ ᠦᠨᠳᠦᠰᠦᠳᠠᠨ ᠤ ᠪᠠᠨ ᠢᠷᠡᠭᠡᠳᠦᠢ ᠨᠢ ᠮᠦᠷᠳᠡᠭᠡᠨ ᠡᠷᠭᠢᠭᠦ ᠮᠠᠷᠭᠠᠰᠢ ᠳᠤ ᠡᠨᠡ ᠨᠡᠢ᠌ᠭᠡᠮ ᠢ ᠡᠩᠬᠡ ᠰᠠᠢ᠌ᠬᠠᠨ ᠶᠢᠡᠷ ᠪᠠᠢ᠌ᠯᠭᠠᠬᠤ ᠶᠢᠨ ᠶᠡᠭᠡ ᠡᠷᠡᠮᠡᠯᠵᠡᠯ ᠨᠢ ᠪᠠᠢ᠌ᠭ᠎ᠠ ᠶᠤᠮ᠃ ᠳᠠᠢ᠌ᠮᠤ ᠡᠴᠠ ᠡᠡᠭ᠌ ᠳᠡᠷᠢᠭᠦᠨ ᠳᠤ ᠠᠪᠣ ᠡᠵᠢ ᠪᠣᠯᠤᠭᠰᠠᠤᠨ ᠳᠡᠭᠡᠳᠤ ᠡᠴᠠ ᠥᠪᠯᠡᠭ᠍ᠰᠡᠨ ᠡᠷᠭᠢᠮ ᠰᠠᠢ᠌ᠬᠠᠨ ᠵᠠᠩ ᠰᠤᠷᠳᠠᠯ᠂ ᠦᠪ ᠰᠤᠶᠤᠯ ᠶᠢᠡᠨ ᠣᠤᠯ ᠮᠦᠨ ᠶᠢᠡᠷ ᠨᠢ ᠣᠯᠠᠮᠵᠢᠯᠠᠨ ᠵᠠᠯᠭᠠᠬᠤ ᠣᠴᠢᠷ ᠲᠡᠶ᠂ ᠬᠠᠷᠢᠨ ᠡᠷᠦᠢ ᠬᠤᠷᠤᠢ ᠦᠭᠡᠶ ᠥᠭᠡᠷᠡᠴᠢᠯᠡᠨ ᠰᠤᠯᠢᠵᠤ ᠦᠷᠦᠭᠡᠯ ᠪᠣᠰᠤᠳ ᠢ ᠰᠠᠷᠮᠠᠭᠴᠢᠯᠠᠨ ᠳᠠᠭᠤᠷᠢᠶᠠᠯᠭᠠᠬᠤ ᠴᠢᠬᠤᠯᠠ ᠦᠭᠡᠶ ᠪᠢᠯᠠ᠃

ᠠᠪᠣ ᠳᠡᠭᠡᠳᠤ ᠡᠴᠠ ᠣᠯᠠᠮᠵᠢᠯᠠᠭᠰᠠᠨ ᠠᠰᠪᠣᠷ ᠴᠠᠢ᠌ᠯᠭᠠᠨ ᠰᠡᠳᠭᠢᠯ᠂ ᠠᠭᠤᠤ ᠠᠭᠤᠵᠢᠮ ᠪᠠᠭᠳᠠᠭᠠᠮᠵᠢ᠂ ᠡᠨᠡᠷᠢᠩᠭᠦᠢ ᠦᠷᠦᠰᠢᠶᠡᠩᠭᠦᠢ ᠰᠡᠳᠭᠢᠯ᠂ ᠡᠭᠡ ᠪᠠᠢ᠌ᠭᠠᠯᠢ ᠪᠠᠨ ᠡᠵᠢ ᠡᠴᠠ ᠳᠦᠷᠦᠭ᠍ᠰᠡᠨ ᠮᠠᠬᠠᠪᠣᠤᠨ ᠶᠢᠡᠨ ᠰᠢᠭ᠌ ᠬᠠᠮᠠᠭᠠᠯᠠᠵᠤ ᠶᠠᠪᠣᠳᠠᠭ ᠡᠷᠭᠢᠮ ᠰᠠᠢ᠌ᠬᠠᠨ ᠵᠠᠩ ᠰᠤᠷᠳᠠᠯ᠂ ᠡᠨᠡ ᠪᠦᠭᠦᠨ ᠶᠢᠡᠨ ᠪᠢᠳᠠ ᠦᠷ᠎ᠡ ᠬᠡᠦᠬᠡᠳ ᠲᠡᠭᠡᠨ ᠦᠪᠯᠠᠨ ᠣᠯᠠᠮᠵᠢᠯᠠᠵᠤ᠂ ᠵᠢᠭᠠᠨ ᠵᠠᠯᠭᠠᠮᠵᠢᠯᠠᠬᠤ ᠡᠷᠭᠡ ᠴᠢᠯᠦᠭᠡ ᠲᠡᠶ ᠶᠤᠮ᠃

ᠭᠡᠳᠡᠯ᠎ᠡ ᠣᠳᠤ ᠶᠢᠨ ᠣᠯᠠᠩᠭᠢ ᠭᠡᠷ ᠪᠦᠯᠢ ᠨᠢ ᠭᠠᠭᠴᠠ ᠬᠤᠶᠠᠷ ᠬᠡᠦᠬᠡᠳ ᠲᠡᠶ ᠪᠣᠯᠤᠭᠰᠠᠨ ᠡᠴᠠ ᠶᠤᠮ ᠦᠦ ᠡᠰᠡᠭᠦᠯ᠎ᠡ ᠠᠮᠢᠳᠤᠷᠠᠯ ᠣᠠᠴᠠ ᠰᠠᠢ᠌ᠵᠢᠷᠠᠭᠰᠠᠨ ᠡᠴᠠ ᠪᠣᠯᠪᠠ ᠦᠦ ︖ ᠬᠡᠦᠬᠡᠳ ᠪᠠᠭᠠᠴᠤᠳ ᠢ ᠭᠦᠮᠦᠵᠢᠭᠦᠯᠤᠨ ᠰᠤᠷᠭᠠᠬᠤ ᠳᠠᠯ᠎ᠠ ᠳᠤ᠂ ᠣᠤᠯ ᠳᠡᠭᠡᠳᠤ ᠶᠢᠨ ᠡᠴᠠ ᠥᠭᠡᠷᠡᠳᠡᠨ ᠬᠤᠪᠢᠷᠠᠭᠰᠠᠨ ᠪᠠᠢ᠌ᠨ᠎ᠠ᠃

《ᠡᠷᠭᠡ ᠶᠢ ᠰᠤᠷᠬᠤ ᠪᠠᠷ᠂ ᠪᠠᠷᠭᠡ ᠶᠢ ᠰᠤᠷ》᠂ 《ᠡᠳ᠋ ᠶᠢᠡᠷ ᠪᠠᠶ᠎ᠠ ᠪᠠᠨ ᠴᠢᠮᠡᠭᠦ ᠪᠠᠷ᠂ ᠡᠷᠳᠡᠮ ᠶᠢᠡᠷ ᠪᠠᠶ᠎ᠠ ᠪᠠᠨ ᠴᠢᠮᠠ》 ᠭᠡᠰᠡᠨ ᠡᠪᠦᠭᠡ ᠳᠡᠭᠡᠳᠤ ᠶᠢᠨ ᠡᠷᠭᠢᠮ ᠠᠷᠢᠭᠤᠨ ᠰᠤᠷᠭᠠᠯ ᠶᠢᠡᠨ᠂ ᠠᠪᠣ ᠡᠵᠢ ᠪᠣᠯᠤᠭᠰᠠᠤᠨ ᠦᠪᠡᠷ ᠶᠢᠡᠨ ᠬᠠᠷᠢᠨ ᠮᠠᠷᠳᠠᠬᠤ ᠳᠤ ᠭᠦᠷᠦᠭ᠍ᠰᠡᠨ ᠴᠤ ᠶᠤᠮ ᠦᠦ ︖ ᠡᠭᠡᠭᠡ ᠬᠠᠷᠢᠨ ᠨᠢᠰᠤ ᠰᠢᠯᠤᠰᠤ ᠲᠡᠶ ᠪᠠᠨ ᠨᠢᠯᠪᠣᠭᠠᠤᠨ ᠬᠠᠶᠠᠭᠰᠠᠨ ᠴᠤ ᠶᠤᠮ ᠦᠦ ︖ ᠪᠣᠤ ᠮᠠᠳᠠ᠃ ᠦᠪᠡᠷᠰᠠᠤᠨ ᠶᠢᠡᠨ ᠭᠡᠪ ᠳᠦᠷᠢᠮ ᠪᠣᠯᠵᠤ ᠠᠷᠪᠢᠯᠠᠨ ᠭᠠᠮᠨᠠᠬᠤ ᠶᠢ ᠪᠣᠳᠤᠬᠤ ᠦᠭᠡᠶ᠂ ᠬᠠᠷᠢᠨ 《ᠭᠦᠭᠡᠷᠦᠭᠦᠢ᠂ ᠮᠢᠨᠤ ᠭᠠᠭᠴᠠᠬᠠᠨ ᠶᠤᠮ ᠳ᠋ᠠ ︕》 ᠯᠠ ᠭᠡᠳ ᠭᠦᠵᠦᠭᠦᠤ ᠳᠤᠯᠤᠭᠠᠢ ᠪᠠᠨ ᠰᠠᠯᠭᠠᠬᠤ ᠰᠢᠬᠠᠨ ᠣᠯᠤᠭᠰᠠᠨ ᠭᠡᠳᠤᠨ ᠵᠤᠭᠤᠰ ᠶᠢᠡᠨ᠂ ᠬᠡᠦᠬᠡᠳ ᠲᠡᠭᠡᠨ ᠵᠢᠯᠤᠭᠤ ᠵᠤᠳᠤᠭ ᠦᠭᠡᠶ ᠵᠠᠷᠤᠭᠤᠯᠵᠤ ᠪᠠᠢ᠌ᠭᠰᠠᠭᠠᠷ ᠬᠡᠦᠬᠡᠳ ᠤᠨ ᠰᠡᠳᠭᠢᠯ ᠳᠤ ᠵᠤᠭᠤᠰ ᠭᠡᠳᠡᠭ᠌ ᠢ ᠭᠡᠷ ᠤᠨ ᠭᠦᠷᠢᠶᠡᠨ ᠳᠡᠭᠡᠨ ᠳᠠᠷᠢᠭᠰᠠᠨ ᠭᠤᠭᠤᠳ ᠨᠤᠭᠤᠭ᠎ᠠ ᠰᠢᠭ ᠰᠠᠨᠠᠭᠳᠠᠭᠤᠯᠵᠠᠢ᠃

ᠰᠥ᠋ ᠴᠠᠭᠠᠨ ᠢᠳᠡᠭᠡᠨ ᠪᠣᠯ ᠮᠠᠨ ᠤ ᠮᠤᠩᠭ᠋ᠤᠯ ᠦᠨᠳᠦᠰᠦᠳᠠᠨ ᠤ ᠣᠯᠠᠮᠵᠢᠯᠠᠯᠳᠤ ᠴᠠᠪᠠᠷ ᠠᠷᠢᠭᠤᠨ ᠢᠳᠡᠭᠡᠨ ᠪᠣᠯᠬᠤ ᠶᠤᠮ᠂ ᠭᠡᠳᠡᠯ᠎ᠡ ᠣᠳᠤ ᠪᠣᠯᠬᠤ ᠪᠠᠷ ᠬᠡᠦᠬᠡᠳ ᠪᠠᠭᠠᠴᠤᠳ ᠨᠢ ᠠᠭᠠᠷᠤᠤᠯ᠂ ᠬᠤᠷᠤᠳ᠂ ᠦᠷᠤᠮ᠎ᠠ ᠳᠤᠰᠤ ᠪᠠᠨ ᠢᠳᠡᠭᠦ ᠳᠤᠷᠠᠰᠢᠯ ᠦᠭᠡᠶ ᠪᠣᠯᠤᠭᠠᠤᠨ᠂ ᠪᠣᠯᠬᠤ ᠪᠣᠯᠬᠤ ᠦᠭᠡᠶ ᠰᠤᠯᠠ ᠢᠳᠡᠭᠡᠨ ᠢ ᠪᠣᠭᠴᠤ ᠪᠠᠷ ᠵᠥᠭᠡᠭᠡᠨ᠂ ᠴᠠᠭ ᠤᠨ ᠬᠤᠭᠤᠯᠠ ᠪᠣᠳᠠᠭ᠎ᠠ ᠪᠠᠨ ᠴᠢᠮᠭᠢ ᠬᠠᠯᠪᠠᠭ᠎ᠠ ᠳᠡᠳᠥᠢᠭᠡᠨ ᠢᠳᠡᠭᠦ ᠪᠠᠷ ᠪᠣᠯᠴᠢᠬᠠᠵᠠᠢ᠃

ᠮᠢᠨᠤ ᠪᠣᠳᠤᠬᠤ ᠪᠠᠷ ᠰᠤᠷᠭᠠᠭᠤᠯᠢ ᠰᠤᠶᠤᠯ ᠤᠨ ᠭᠦᠷᠢᠶᠡᠨ ᠳᠤ ᠬᠤᠷᠰᠢᠶ᠎ᠠ ᠭᠡᠳᠡᠭ᠌ ᠢ ᠡᠵᠡᠩᠨᠡᠭᠦ ᠦᠭᠡᠶ ᠪᠠᠢ᠌ᠵᠤ᠂ ᠬᠠᠷᠢᠨ ᠰᠤᠷᠭᠠᠭᠤᠯᠢ ᠶᠢᠨ ᠬᠤᠭᠤᠯᠠᠨ ᠭᠡᠷ ᠤᠨ ᠡᠵᠡᠩᠨᠡᠯᠳᠡ ᠬᠠᠮᠢᠶᠠᠷᠤᠯᠳᠠ ᠶᠢ ᠴᠢᠩᠭ᠋ᠠᠳᠬᠠᠵᠤ᠂ ᠰᠤᠷᠤᠭᠴᠢ ᠬᠡᠦᠬᠡᠳ ᠤᠨ ᠬᠤᠭᠤᠯᠠ ᠪᠣᠳᠠᠭᠠᠨ ᠤ ᠳᠦᠷᠤᠯ ᠵᠣᠢ᠌ᠯ ᠢ ᠣᠯᠠᠨ ᠪᠣᠯᠭᠠᠵᠤ᠂ ᠠᠮᠳᠠ ᠰᠢᠮᠳᠠ ᠶᠢ ᠨᠢ ᠰᠠᠢ᠌ᠵᠢᠷᠠᠭᠤᠯᠵᠤ ᠥᠭ᠍ᠪᠠᠯ ᠳᠠᠳᠠ ᠠᠶᠠᠠᠳᠠᠭᠠᠨ ᠰᠤᠯᠠ ᠢᠳᠡᠭᠡᠨ ᠠᠪᠴᠤ ᠢᠳᠡᠭᠦ ᠵᠠᠩᠰᠢᠯ ᠦᠭᠡᠶ ᠪᠣᠯᠴᠢᠬᠠᠨ᠎ᠠ᠃ ᠳᠠᠢ᠌ᠮᠤ ᠪᠢᠰᠢ ᠪᠣᠯ ᠣᠳᠤ ᠰᠤᠷᠤᠭᠴᠢ ᠬᠡᠦᠬᠡᠳ ᠤᠨ ᠳᠤᠮᠳᠠ 《ᠰᠤᠯᠠ ᠵᠠᠷᠤᠬᠤ ᠵᠤᠭᠤᠰ》 ᠭᠡᠳᠡᠭ᠌ ᠬᠠᠴᠢᠨ ᠨᠠᠷ᠎ᠠ ᠢᠯᠡᠷᠡᠭᠡᠳ᠂ ᠳᠠᠷᠠ ᠨᠢ ᠬᠡᠦᠬᠡᠳ ᠤᠨ ᠨᠢᠳᠤᠨ ᠳᠤ ᠦᠴᠦᠭᠡᠨ ᠴᠤ ᠦᠨ᠎ᠡ ᠦᠷᠳᠡᠭ᠌ ᠦᠭᠡᠶ ᠡᠷᠢᠶᠡᠨ ᠴᠠᠭᠠᠰᠤ ᠳᠡᠳᠥᠢᠭᠡᠨ ᠥᠵᠡᠭ᠍ᠳᠡᠭᠡᠳ᠂ ᠵᠠᠪᠠᠯ ᠵᠠᠷᠤᠵᠤ ᠪᠠᠷᠠᠭᠠᠬᠤ ᠯᠠ ᠭᠡᠷᠡᠭ᠍ᠳᠡᠢ ᠰᠢᠭ᠌ ᠪᠣᠳᠤᠵᠠᠢ᠃ ᠡᠭᠦᠨ ᠤ ᠳᠤᠬᠠᠢ ᠠᠪᠣ ᠡᠵᠢ ᠪᠣᠯᠤᠭᠰᠠᠤᠨ ᠠᠩᠬᠠᠷᠤᠯ ᠳᠠᠭᠠᠨ ᠠᠪᠬᠤ ᠴᠢᠬᠤᠯᠠ ᠲᠡᠶ ᠪᠣᠯᠵᠤ ᠪᠠᠢ᠌ᠬᠤ ᠮᠦᠷᠳᠡᠭᠡᠨ ᠡᠯ᠎ᠡ ᠰᠤᠷᠭᠠᠭᠤᠯᠢ ᠶᠢᠨ ᠪᠠᠭᠰᠢ᠂ ᠣᠳᠤᠷᠢᠳᠤᠯᠭ᠎ᠠ ᠨᠡᠷ ᠪᠠ ᠨᠡᠢ᠌ᠭᠡᠮ ᠤᠨ ᠡᠯ᠎ᠡ ᠱᠠᠳᠤᠨ ᠤ ᠭᠦᠮᠦᠰ ᠤᠨ ᠴᠤ ᠰᠠᠨᠠᠭᠠᠨ ᠳᠠᠭᠠᠨ ᠠᠪᠴᠤ᠂ ᠰᠠᠢ᠌ᠬᠠᠨ ᠰᠢ᠌ᠳᠪᠦᠷᠢᠯᠡᠭᠦ ᠴᠢᠬᠤᠯᠠ ᠲᠡᠶ ᠠᠰᠠᠭᠤᠳᠠᠯ ᠶᠤᠮ᠃

ᠡᠳᠦᠷ ᠤᠨ ᠭᠤᠷᠪᠠᠨ ᠴᠠᠭ ᠤᠨ ᠬᠤᠭᠤᠯᠠ ᠪᠣᠳᠠᠭ᠎ᠠ ᠶᠢ ᠬᠠᠯᠠᠭᠤᠨ ᠪᠦᠯᠢᠶᠡᠨ᠂ ᠰᠡᠳᠭᠢᠯ ᠳᠡᠨᠢᠭᠦᠨ ᠶᠢᠡᠷ ᠠᠮᠳᠠ ᠰᠢᠮ᠎ᠠ ᠲᠡᠶ ᠳᠠᠭᠠᠯᠠᠮᠵᠢᠳᠠᠢ ᠢᠳᠡᠭᠦ ᠨᠢ ᠭᠦᠮᠤᠨ ᠤ ᠡᠷᠡᠭᠦᠯ ᠡᠩᠬᠡ ᠶᠠᠪᠣᠬᠤ ᠵᠠᠩᠭᠢᠯᠠᠭ᠎ᠠ ᠭᠡᠳᠡᠭ᠌ ᠢ ᠭᠡᠨ ᠪᠦᠭᠦᠨ ᠮᠠᠳᠠᠵᠤ ᠪᠠᠢ᠌ᠭ᠎ᠠ᠃ ᠳᠠᠢ᠌ᠮᠤ ᠡᠴᠠ ᠰᠤᠷᠤᠭᠴᠢ ᠪᠠᠭᠠᠴᠤᠳ ᠡᠳᠦᠷ ᠤᠨ ᠭᠤᠷᠪᠠᠨ ᠴᠠᠭ ᠤᠨ ᠬᠤᠭᠤᠯᠠ ᠪᠣᠳᠠᠭ᠎ᠠ ᠪᠠᠨ ᠰᠠᠢ᠌ᠨ ᠢᠳᠡᠭᠦ ᠦᠭᠡᠶ ᠪᠣᠯ ᠰᠢᠮ᠎ᠠ ᠳᠡᠵᠢᠭᠡᠯ ᠳᠤᠳᠠᠭᠳᠠᠵᠤ᠂ ᠦᠰᠦᠯᠳᠠ ᠪᠣᠢ᠌ᠵᠢᠯᠳᠠ ᠶᠢ ᠨᠢ ᠨᠥᠯᠦᠭᠡᠯᠡᠭᠦ ᠡᠴᠠ ᠪᠢᠰᠢ ᠬᠠᠷᠢᠨ ᠬᠤᠷᠰᠢᠶᠠᠨ ᠤ ᠰᠤᠯᠠ ᠢᠳᠡᠭᠡᠨ ᠢ ᠬᠤᠶᠠᠷ ᠡᠳᠦᠷ ᠢᠳᠡᠭᠦ ᠦᠭᠡᠶ ᠯᠠ ᠪᠣᠯ ᠰᠢᠮ᠎ᠠ ᠳᠡᠵᠢᠭᠡᠯ ᠳᠤᠳᠠᠴᠢᠬᠠᠬᠤ ᠭᠡᠷᠡᠭ᠌ ᠪᠠᠢ᠌ᠬᠤ ᠦᠭᠡᠶ ᠶᠤᠮ ᠡ᠃ ᠳᠠᠢ᠌ᠮᠤ ᠡᠴᠠ ᠪᠢᠳᠠ ᠭᠤᠤᠯ ᠠᠵᠢᠯ ᠶᠢᠡᠨ ᠳᠡᠷᠢᠭᠦᠨ ᠪᠠᠢ᠌ᠷᠢᠨ ᠳᠤ ᠳᠠᠯᠪᠢᠬᠤ ᠭᠡᠷᠡᠭ᠍ᠳᠡᠢ᠃

ᠵᠠᠯᠭᠠᠭᠠᠤᠨ ᠪᠢᠳᠠ ᠦᠵᠡᠯ ᠪᠣᠳᠤᠯ᠂ ᠵᠠᠩ ᠣᠢ᠌ᠯᠠ ᠶᠢᠨ ᠳᠠᠯ᠎ᠠ ᠪᠠᠷ ᠴᠤ ᠬᠡᠦᠬᠡᠳ ᠪᠠᠭᠠᠴᠤᠳ ᠲᠠᠭᠠᠨ ᠭᠡᠪ ᠵᠢᠱᠢᠶ᠎ᠠ ᠪᠣᠯᠵᠤ ᠶᠠᠪᠣᠬᠤ ᠭᠡᠷᠡᠭ᠍ᠳᠡᠢ᠃ 《ᠥᠰᠭᠦ ᠡᠴᠠ ᠰᠤᠷᠤᠭᠰᠠᠨ ᠦᠨᠳᠦᠰᠦᠨ ᠭᠡᠯᠡ ᠮᠠᠷᠳᠠᠵᠤ ᠪᠣᠯᠤᠰᠢ ᠦᠭᠡᠶ ᠰᠤᠶᠤᠯ᠂ ᠥᠭᠦᠳᠡᠯ᠎ᠡ ᠣᠷᠤᠰᠢᠬᠤ ᠳᠦᠷᠤᠯᠭᠢ ᠨᠤᠳᠤᠭ ᠰᠠᠯᠵᠤ ᠪᠣᠯᠤᠰᠢ ᠦᠭᠡᠶ ᠣᠷᠤᠨ》 ᠭᠡᠰᠡᠨ ᠠᠪᠣ ᠳᠡᠭᠡᠳᠦᠰ ᠤᠨ ᠠᠮᠢᠨ ᠰᠤᠷᠭᠠᠯ ᠢ ᠦᠶ᠎ᠡ ᠶᠢᠨ ᠦᠶ᠎ᠡ ᠵᠠᠯᠭᠠᠮᠵᠢᠯᠠᠵᠤ ᠶᠠᠪᠣᠬᠤ ᠭᠡᠷᠡᠭ᠍ᠳᠡᠢ᠃

ᠦᠨᠳᠦᠰᠦᠳᠠᠨ᠂ ᠥᠭᠡ ᠭᠡᠯᠡ ᠥᠰᠦᠭ᠌ ᠪᠢᠴᠢᠭ᠌ ᠶᠢᠡᠨ ᠡᠭᠦᠷᠢᠳᠡ ᠮᠠᠷᠳᠠᠯ ᠦᠭᠡᠶ ᠵᠠᠯᠭᠠᠮᠵᠢᠯᠠᠨ ᠭᠦᠭ᠍ᠵᠢᠭᠦᠯᠵᠤ ᠪᠠᠢ᠌ᠬᠤ ᠶᠢ ᠦᠶ᠎ᠡ ᠶᠢᠨ ᠦᠶ᠎ᠡ ᠳᠤ ᠪᠣᠯᠭᠤᠮᠵᠢᠯᠠᠨ ᠰᠠᠨᠠᠭᠤᠯᠵᠤ᠂ ᠬᠡᠦᠬᠡᠳ ᠪᠠᠭᠠᠴᠤᠳ ᠤᠨ ᠰᠡᠳᠭᠢᠯ ᠳᠤ ᠨᠤᠳᠤᠭ ᠶᠢᠡᠨ ᠬᠤᠳᠠᠯᠳᠤᠵᠤ ᠨᠤᠬᠠᠢ ᠣᠨᠤᠭᠰᠠᠨ ᠨᠤᠪᠰᠢ ᠶᠢᠨ ᠵᠢᠱᠢᠶ᠎ᠠ ᠪᠣᠤ ᠪᠣᠯᠤᠶ᠎ᠠ ︕

ᠵᠥᠪᠭᠡᠨ ᠰᠤᠷᠭᠠᠭᠤᠯᠢ ᠰᠤᠶᠤᠯ ᠤᠨ ᠭᠠᠵᠠᠷ ᠯᠠ ᠪᠣᠯ ᠡᠨᠡ ᠪᠦᠭᠦᠨ ᠢ ᠰᠤᠷᠭᠠᠬᠤ ᠭᠡᠰᠡᠨ ᠣᠴᠢᠷ ᠪᠢᠰᠢ᠂ ᠭᠦᠮᠤᠨ ᠪᠦᠭᠦᠨ ᠤ ᠮᠦᠷᠤᠨ ᠳᠤ ᠪᠠᠢ᠌ᠭ᠎ᠠ ᠭᠦᠡᠳᠤ ᠴᠢᠬᠤᠯᠠ ᠡᠭᠦᠷᠭᠡ ᠭᠡᠳᠡᠭ᠌ ᠢ ᠣᠢ᠌ᠯᠠᠭᠠᠬᠤ ᠶᠤᠰᠤᠳᠠᠢ᠃

ᠡᠩᠬᠡ ᠰᠠᠢ᠌ᠬᠠᠨ ᠢᠷᠡᠭᠡᠳᠦᠢ ᠶᠢᠨ ᠲᠦᠯᠦᠭᠡ᠂ ᠡᠭᠡ ᠣᠷᠤᠨ ᠳᠠᠭᠠᠨ ᠡᠷᠭᠡᠳᠤ ᠠᠷᠠᠤᠨ ᠨᠢ ᠪᠣᠯᠵᠤ ᠳᠦᠷᠦᠭ᠍ᠰᠡᠨ ᠤ ᠬᠤᠪᠢ ᠡᠴᠠ ᠡᠪ ᠤᠨ ᠭᠦᠴᠤ ᠪᠠᠷ ᠵᠢᠳᠭᠦᠭᠦ ᠶᠤᠰᠤᠳᠠᠢ ᠪᠢᠳᠠ ︕


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠠᠮᠦ᠋ᠷᠠᠨ ᠪᠠᠯᠭᠠᠰᠤ ᠶᠢᠨ ᠰᠢᠪᠠᠷᠳᠠᠢ ᠭᠤᠤᠯ ᠰᠤᠷᠭᠠᠭᠤᠯᠢ

ᠵᠤᠬᠢᠶᠠᠭᠴᠢ᠄ ᠵᠠᠮᠢᠶᠠᠠᠭᠣᠢ᠌ᠷᠤᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 10543
ᠴᠠᠭ᠄ 2011 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ