ᠬᠤᠶᠠᠷ ᠮᠢᠩᠭ᠎ᠠ ᠠᠷᠪᠠᠨ ᠬᠤᠶᠠᠷ ᠣᠨ ᠮᠢᠨᠢ ᠪᠠᠶᠠᠷᠳᠠᠢ

ᠪᠦᠳᠤᠨ ᠵᠢᠯ ᠳᠦᠡᠳᠡᠭᠡᠨᠡᠵᠤ ᠮᠤᠩᠭᠢᠨᠠᠭᠠᠤᠨ

ᠪᠦᠳᠦᠭᠡᠭ᠍ᠰᠡᠨ ᠶᠠᠭᠤᠮ᠎ᠠ ᠶᠠᠭᠤ ᠪᠠᠢ᠌ᠨ᠎ᠠ ᠪᠣᠢ ⁈

ᠪᠦᠭᠦᠨ ᠢ ᠡᠷᠭᠢᠴᠡᠭᠦᠯᠤᠨ ᠳᠤᠩᠭ᠋ᠠᠨ ᠪᠣᠳᠤᠭᠠᠤᠨ

ᠪᠠᠷᠭᠡ ᠶᠢᠨ ᠶᠡᠭᠡ ᠣᠯᠵᠠ ᠲᠡᠶ ᠰᠠᠨᠠᠭᠳᠠᠨ᠎ᠠ ︕


ᠭᠠᠷᠴᠠᠭ᠎ᠠ ᠦᠭᠡᠶ ᠠᠵᠢᠯ ᠡᠴᠠ ᠠᠮᠠᠷᠠᠭᠠᠤᠨ

ᠬᠠᠭᠠᠰ ᠵᠢᠯ ᠢ ᠨᠢ ᠭᠡᠶ‍ᠦᠷᠡᠭᠡᠳ ᠥᠩᠭᠡᠷᠡᠵᠡᠢ

ᠬᠠᠷᠢᠨ ᠳᠦᠭᠡᠷᠢᠭ᠍ᠰᠡᠨ ᠭᠠᠯᠠᠭᠤ ᠰᠢᠭ ᠭᠠᠩᠭ᠋ᠠᠨᠠᠭᠰᠠᠭᠠᠷ

ᠬᠤᠯᠪᠣᠭ᠎ᠠ ᠳᠤ ᠣᠷᠤᠭᠠᠤᠨ ᠭᠦᠯ ᠳᠤᠭᠳᠠᠯ᠎ᠠ ︕


ᠵᠤᠨ ᠤ ᠵᠢᠷᠭᠤᠭᠠᠨ ᠰᠠᠷ᠎ᠠ ᠶᠢᠨ ᠡᠷᠡᠨ ᠳ᠋ᠤ

ᠵᠤᠭᠠᠳᠠᠢ ᠬᠤᠪᠢᠨ ᠤ ᠪᠦᠷᠭᠡ ᠪᠠᠨ ᠨᠡᠭᠡᠭᠡᠯ᠎ᠡ

ᠳᠤᠭᠤᠷ ᠤᠨ ᠮᠤᠳᠤ ᠵᠠᠢ᠌ᠯᠠᠨ ᠣᠷᠭᠤᠭᠤᠯᠤᠯ᠎ᠠ

ᠳᠤᠮᠳᠠᠢ ᠠᠷᠠᠴᠢᠯᠠᠭ᠎ᠠ ᠣᠰᠤᠯᠭ᠎ᠠ ᠭᠢᠯ᠎ᠠ


ᠮᠥᠩᠭᠡ ᠭᠠᠯ ᠰᠤᠹᠲ᠋ᠸᠠᠢ᠌ᠷ ᠢ ᠣᠭᠰᠠᠷᠠᠯ᠎ᠠ

ᠮᠤᠩᠭ᠋ᠤᠯ ᠦᠰᠦᠭ᠌ ᠨᠢᠳᠤᠨ᠎ᠡ ᠳᠤᠳᠤᠷᠠᠯ᠎ᠠ

ᠮᠤᠬᠤᠰᠢ ᠦᠭᠡᠶ ᠵᠤᠷᠢᠭ ᠢ ᠡᠷᠴᠢᠯᠡᠯ᠎ᠡ

ᠮᠤᠩᠭ᠋ᠤᠯ ᠦᠰᠦᠭ᠌ ᠪᠣᠰᠴᠤ ᠵᠤᠭᠰᠤᠯ᠎ᠠ


ᠡᠵᠢ ᠪᠠᠨ ᠦᠵᠡᠭ᠍ᠰᠡᠨ ᠰᠢᠭ᠌ ᠪᠠᠶᠠᠷᠯᠠᠯ᠎ᠠ

ᠠᠩᠬᠠᠨ ᠤ ᠰᠢᠯᠦᠭ᠌ ᠶᠢᠡᠨ ᠡᠷᠭᠦᠨ ᠪᠠᠷᠢᠯ᠎ᠠ

ᠡᠯᠡᠷ ᠪᠠᠯᠠᠷ ᠥᠩᠭᠡᠷᠡᠭ᠍ᠰᠡᠨ ᠳᠡᠦᠭᠡ

ᠬᠠᠰᠢᠯᠭ᠎ᠠ ᠨᠢ ᠰᠡᠳᠡᠷᠡᠭ᠍ᠰᠡᠨ ᠰᠢᠭ᠌ ᠪᠠᠭᠤᠯ᠎ᠠ


ᠪᠣᠯᠤᠭᠰᠠᠨ ᠳᠦᠭᠦᠭᠡᠢ ᠶᠢ ᠬᠠᠮᠢᠶᠠᠷᠤᠯ ᠥᠭᠡᠢ

ᠪᠣᠳᠤᠵᠤ ᠣᠯᠪᠠᠯ ᠳᠤᠪᠰᠢᠵᠤ ᠯᠠ ᠪᠠᠢ᠌ᠭᠰᠠᠨ

ᠰᠤᠯᠢᠶᠠᠷᠠᠭᠰᠠᠨ ᠶᠤᠮ ᠰᠢᠭ᠌ ᠰᠤᠢ᠌ᠳ ᠪᠣᠯᠤᠭᠠᠤᠨ

ᠰᠦᠨᠢ ᠶᠢᠨ ᠵᠡᠭᠦᠳᠤᠨ ᠳᠤ ᠴᠤ ᠰᠢᠯᠦᠭ᠌ ᠡ


ᠢᠴᠢᠮᠠᠷ ᠰᠤᠴᠢᠮᠠᠷ ᠶᠠᠭᠤᠮ᠎ᠠ ᠨᠠᠢ᠌ᠳᠠᠯᠠᠵᠠᠢ

ᠦᠪᠡᠷ ᠤᠨ ᠪᠢᠴᠢᠵᠤ ᠪᠠᠢ᠌ᠭ᠎ᠠ ᠶᠠᠭᠤᠮᠠᠨ ᠳ᠋ᠠᠭᠠᠨ

ᠱᠤᠭᠰᠢᠵᠤ ᠪᠦᠭ᠍ᠰᠢᠨ ᠣᠭᠢᠯᠠᠨ ᠬᠠᠢ᠌ᠯᠠᠯ᠎ᠠ

ᠰᠠᠨᠠᠨ ᠰᠠᠨᠠᠨ ᠭᠦᠭᠡᠷᠡᠵᠤ ᠴᠤ ᠪᠠᠢ᠌ᠯ᠎ᠡ


ᠪᠦᠷᠭᠡ ᠶᠢᠨ ᠭᠠᠢ᠌ᠬᠠᠮᠰᠢᠭᠳᠤ ᠶ‍ᠢᠷᠳᠢᠠᠴᠤ ᠳ᠋ᠤ

ᠪᠣᠳᠤᠯ ᠤᠨ ᠥᠭᠡ ᠪᠠᠨ ᠯᠠᠪᠰᠢᠷᠠᠭᠤᠯᠤᠨ ᠳᠡᠯᠭᠡᠵᠤ

ᠪᠦᠳᠦᠭᠡᠯ ᠴᠤ ᠪᠣᠯᠤᠭ ᠳᠠᠰᠬᠠᠯ ᠴᠤ ᠪᠣᠯᠤᠭ

ᠪᠦᠭᠦᠯᠢ ᠬᠠᠭᠠᠰ ᠵᠢᠯ ᠢ ᠪᠦᠷᠢᠨ ᠡᠳ᠋ᠯᠡᠯ᠎ᠡ


ᠰᠢᠨᠡᠯᠡᠵᠤ ᠭᠤᠨᠢᠭᠯᠠᠵᠤ ᠵᠤᠪᠠᠬᠤ ᠶᠢᠨ ᠣᠷᠤᠨ ᠳ᠋ᠤ

ᠰᠢᠪᠬᠠᠭᠠᠤᠨ ᠪᠦᠭᠦᠨ ᠢ ᠺᠤᠮᠫᠢᠦ᠋ᠲ᠋ᠧᠷ ᠲᠤ ᠭᠢᠴᠢᠭᠡᠪᠠᠯ

ᠰᠡᠳᠭᠢᠯ ᠤᠨ ᠳᠠᠷᠤᠭᠠᠰᠤ ᠦᠭᠡᠶ ᠪᠣᠯᠵᠤ

ᠰᠠᠨᠠᠭ᠎ᠠ ᠳᠠᠯᠪᠢᠭᠤᠷᠠᠨ ᠠᠭᠤᠵᠢᠷᠠᠬᠤ ᠶᠤᠮ ᠪᠢᠯᠠ


ᠳᠤᠷ᠎ᠠ ᠳᠤ ᠰᠢᠷ᠎ᠠ ᠦᠭᠡᠶ ᠭᠡᠳᠡᠭ᠌

ᠳᠤᠷᠠᠰᠤᠮᠵᠢ ᠪᠠᠨ ᠭᠡᠯᠭᠢᠶᠡᠷᠡᠭᠦᠯᠤᠨ ᠳᠤᠭᠤᠷᠪᠢᠨ᠎ᠠ

ᠳᠤᠭᠤᠷ ᠭᠡᠵᠢᠶ᠎ᠡ ᠪᠣᠯᠪᠠᠰᠤᠷᠠᠬᠤ ᠶᠢ ᠦᠯᠤ ᠮᠠᠳᠠᠨ᠎ᠡ

ᠳᠠᠰᠪᠣᠷᠢᠳᠠᠢ ᠭᠦᠯᠢᠭᠡᠯᠵᠡᠨ ᠪᠠᠢ᠌ᠭᠠᠷᠠᠢ


ᠨᠠᠢ᠌ᠵᠠ ᠨᠥᠭᠦᠤᠨ ᠣᠷᠠᠮᠰᠢᠭᠤᠯᠤᠨ ᠳᠠᠭᠠᠯᠠᠵᠤ

ᠨᠠᠷᠮᠠᠢ ᠣᠯᠠᠨ ᠠᠯᠵᠢᠶᠠᠯ ᠦᠭᠡᠶ ᠰᠠᠭᠠᠳᠤᠵᠤ

ᠳᠠ ᠪᠦᠭᠦᠨ ᠲᠡᠶ ᠵᠤᠪᠠᠯ ᠵᠢᠷᠭᠠᠯ ᠶᠢᠡᠨ ᠬᠤᠪᠢᠶᠠᠯᠴᠠᠯ᠎ᠠ

ᠳᠠᠨᠠᠷ ᠲᠠᠭᠠᠨ ᠭᠦᠨ ᠳᠠᠯᠠᠷᠬᠠᠯ ᠶᠢᠡᠨ ᠳᠡᠪᠰᠢᠭᠦᠯᠦᠶ᠎ᠡ


ᠰᠢᠨ᠎ᠡ ᠵᠢᠯ ᠳᠤ ᠴᠥᠭᠦᠷᠡᠯ ᠦᠭᠡᠶ ᠴᠢᠷᠮᠠᠢ᠌ᠶ᠎ᠠ

ᠰᠢᠨᠡᠭᠡᠨ ᠵᠤᠬᠢᠶᠠᠯ ᠰᠠᠳᠭᠢᠵᠤ ᠣᠷᠤᠯᠳᠤᠶ᠎ᠠ

ᠬᠠᠭᠤᠴᠢᠨ ᠵᠢᠯ ᠶᠢᠡᠨ ᠬᠠᠨᠤᠮᠵᠢᠳᠠᠢ ᠦᠳᠡᠯ᠎ᠠ

ᠬᠤᠶᠠᠷ ᠮᠢᠩᠭ᠎ᠠ ᠠᠷᠪᠠᠨ ᠬᠤᠶᠠᠷ ᠣᠨ ᠮᠢᠨᠢ ᠪᠠᠶᠠᠷᠳᠠᠢ ︕


2013 ᠣᠨ ᠤ 1 ᠰᠠᠷ᠎ᠠ ᠵᠢᠨ 1 ‌᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠤᠨ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1596
ᠴᠠᠭ᠄ 2013 ᠤᠨ ᠤ 01 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ