ᠨᠤᠭᠤᠭᠠᠨ ᠨᠠᠪᠴᠢ

ᠨᠠᠷᠠᠯᠠᠭ ᠬᠤᠷᠸ᠎ᠠ ᠳᠤ ᠨᠠᠭᠢᠶᠠᠯᠠᠬᠤ ᠳᠤ ᠪᠠᠨ

ᠭᠠᠵᠠᠷ ᠰᠢᠷᠤᠢ ᠶᠢᠨ ᠡᠩᠭᠡᠷ ᠲᠤ ᠪᠠᠢ᠌ᠯ᠎ᠠ

ᠨᠠᠭᠠᠰᠢ ᠨᠢ ᠪᠣᠯᠵᠤ ᠰᠡᠷᠪᠠᠯᠵᠡᠭᠦ ᠳᠤ ᠪᠠᠨ

ᠭᠠᠩᠬᠤᠬᠤ ᠰᠠᠯᠭᠢᠨ ᠤ ᠵᠢᠭᠦᠷ ᠲᠤ ᠪᠠᠢ᠌ᠯ᠎ᠠ


ᠭᠦᠷᠦᠰᠦᠳᠤ ᠳᠡᠯᠡᠭᠡᠢ ᠳᠤ ᠰᠥᠶ‍ᠦᠭᠡᠯᠡᠭᠦ ᠳᠤ ᠪᠠᠨ

ᠬᠠᠪᠣᠷ ᠤᠨ ᠰᠠᠯᠭᠢᠨ ᠤ ᠦᠨᠦᠰᠤᠯ ᠳᠤ ᠪᠠᠢ᠌ᠯ᠎ᠠ

ᠭᠦᠭᠡ ᠨᠤᠭᠤᠭ᠎ᠠ ᠪᠠᠷ ᠰᠠᠯᠪᠣᠷᠢᠯᠠᠬᠤ ᠳᠤ ᠪᠠᠨ

ᠬᠤᠷ᠎ᠠ ᠶᠢᠨ ᠨᠠᠮᠢᠷᠠᠭᠠᠨ ᠤ ᠰᠢᠪᠠᠷᠠᠯ ᠳᠤ ᠪᠠᠢ᠌ᠯ᠎ᠠ


ᠠᠯᠳᠠᠨ ᠨᠠᠮᠤᠷ ᠵᠤᠯᠭᠠᠷᠠᠬᠤ ᠳᠤ ᠪᠠᠨ

ᠬᠤᠩᠭ᠋ᠤᠷ ᠰᠠᠯᠭᠢᠨ ᠤ ᠣᠶᠠᠷᠠᠯ ᠳᠤ ᠪᠠᠢ᠌ᠯ᠎ᠠ

ᠠᠶᠠᠰ ᠤᠨ ᠰᠠᠯᠭᠢᠨ ᠳᠤ ᠭᠡᠢ᠌ᠰᠭᠦ ᠳᠤ ᠪᠠᠨ

ᠬᠤᠪᠠᠨ ᠰᠠᠷᠠᠨ ᠤ ᠭᠡᠮᠦᠷᠭᠡᠯ ᠳᠤ ᠪᠠᠢ᠌ᠯ᠎ᠠ


ᠪᠠᠷᠠᠭᠠᠨ ᠰᠦᠨᠢ ᠦᠨᠳᠦᠰᠦᠨ ᠳᠤ ᠪᠠᠨ

ᠣᠯᠠᠭᠠᠨ ᠨᠠᠷᠠ ᠪᠠᠨ ᠡᠷᠢᠭ᠍ᠰᠡᠨ ᠭᠦᠭ᠍ᠵᠢᠮ ᠳᠠᠢ

ᠪᠠᠬᠠᠷᠤᠮ᠎ᠠ ᠨᠠᠷᠠᠨ ᠳᠤ ᠭᠡᠷᠡᠯ ᠠᠰᠬᠠᠨ

ᠰᠠᠷᠠᠨ ᠶᠢᠡᠨ ᠰᠠᠨᠠᠭᠰᠠᠨ ᠪᠦᠵᠢᠭ᠌ ᠲᠡᠶ᠁


ᠨᠤᠭᠤᠭᠠᠨ ᠨᠠᠪᠴᠢ ᠳᠤ ᠭᠦᠨ ᠣᠬᠠᠭᠠᠨ ᠪᠠᠢ᠌ᠯ᠎ᠠ

ᠨᠠᠷᠠᠨ ᠤ ᠰᠢᠷᠭᠠᠯ ᠲᠡᠶ ᠰᠠᠢ᠌ᠬᠠᠨ ᠣᠬᠠᠭᠠᠨ ᠪᠠᠢ᠌ᠯ᠎ᠠ

ᠨᠤᠮᠢᠨ ᠨᠠᠪᠴᠢ ᠳᠤ ᠮᠥᠩᠭᠡ ᠶᠢᠨ ᠵᠦᠢ ᠪᠠᠢ᠌ᠯ᠎ᠠ

ᠰᠠᠷᠠᠨ ᠤ ᠳᠡᠷᠭᠡᠯ ᠲᠡᠶ ᠭᠤᠸ᠎ᠠ ᠰᠢᠯᠦᠭ᠌ ᠪᠠᠢ᠌ᠯ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠬᠠᠷᠢᠶ᠎ᠠ᠄ ᠰᠢᠯᠦᠭ
ᠳᠠᠷᠤᠮ᠄ 1863
ᠴᠠᠭ᠄ 2012 ᠤᠨ ᠤ 09 ᠰᠠᠷ᠎ᠠ ᠶᠢᠨ 24