ᠮᠤᠩᠭ᠋ᠤᠯ ᠪᠠᠢ᠌ᠭᠠᠯᠢ

ᠡᠷᠳᠡᠨᠢ ᠬᠤᠩᠭ᠋ᠤᠷ ᠠᠳᠤᠭᠤ ᠳᠠᠪᠭᠢᠭᠰᠠᠨ

ᠡᠡᠭ᠌ ᠨᠢ ᠬᠠᠶᠠᠭᠠᠷᠠᠬᠤ ᠳᠤᠷᠭᠠᠨ ᠳᠠᠯ᠎ᠠ

ᠡᠡᠭ᠌ ᠨᠢ ᠬᠠᠶᠠᠭᠠᠷᠠᠬᠤ ᠳᠠᠯ᠎ᠠ ᠶᠢ ᠨᠤᠶᠠᠯᠠᠭᠰᠠᠨ

ᠡᠩᠭᠡ ᠶᠢᠨ ᠵᠤᠯᠠ ᠲᠡᠶ ᠳᠠᠭᠳᠠᠭᠠᠨ ᠥᠷᠭᠦᠭᠡ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠰᠡᠷᠢᠭᠦᠨ ᠰᠢᠯᠢ ᠶᠢᠨ ᠵᠤᠰᠠᠭᠠᠯ ᠢ ᠰᠤᠭᠳᠤᠭᠠᠬᠤ

ᠰᠡᠯᠡᠭᠦᠭᠡᠨ ᠣᠢ ᠶᠢᠨ ᠭᠦᠭᠦᠭᠡ ᠶᠢᠨ ᠡᠭᠡᠰᠢᠭ᠌

ᠰᠡᠯᠡᠭᠦᠭᠡᠨ ᠣᠢ ᠶᠢᠨ ᠡᠭᠡᠰᠢᠭ᠌ ᠲᠡᠶ ᠬᠤᠤᠰᠯᠠᠭᠰᠠᠨ

ᠰᠡᠷᠭᠦᠯᠡᠩ ᠵᠢᠷᠭᠠᠯ ᠤᠨ ᠳᠤᠩᠭ᠋ᠠᠯᠠᠭ ᠢᠨᠢᠶᠠᠳᠤ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠴᠡᠴᠡᠭ᠍ᠳᠤ ᠬᠤᠩᠬᠤᠷ ᠢ ᠳᠠᠪᠠᠯᠭᠠᠨ ᠪᠣᠰᠬᠠᠭᠰᠠᠨ

ᠴᠠᠢ᠌ᠯᠵᠠᠨ ᠡᠭᠦᠯᠡᠰᠢᠭᠦ ᠪᠠᠶᠠᠨ ᠰᠥᠷᠦᠭ᠌

ᠴᠠᠢ᠌ᠯᠵᠠᠨ ᠡᠭᠦᠯᠡᠰᠢᠭᠦ ᠰᠥᠷᠦᠭ᠌ ᠢ ᠪᠠᠯᠴᠢᠭᠡᠭ᠍ᠰᠡᠨ

ᠳᠤᠩᠭ᠋ᠠᠯᠠᠭ ᠮᠠᠠᠳᠠᠯ ᠤᠨ ᠣᠰᠤᠨ ᠬᠤᠷ᠎ᠠ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠭᠦᠭᠡᠮᠳᠦᠭ᠌ ᠬᠠᠢ᠌ᠷᠠᠬᠠᠨ ᠤ ᠰᠤᠭᠤ ᠭᠡᠳᠡᠭᠡᠨᠡᠭᠦ

ᠭᠦᠪᠴᠢ ᠡᠴᠡ ᠪᠠᠭᠤᠬᠤ ᠣᠶᠠᠬᠠᠨ ᠬᠠᠢ᠌ᠯ

ᠭᠦᠪᠴᠢ ᠡᠴᠡ ᠪᠠᠭᠤᠬᠤ ᠬᠠᠢ᠌ᠯ ᠢ ᠭᠦᠳᠦᠯᠦᠭ᠍ᠰᠡᠨ

ᠭᠦᠭ᠍ᠵᠢᠮ ᠠᠶᠠᠯᠠᠬᠤ ᠨᠠᠷᠢᠬᠠᠨ ᠰᠤᠳᠠᠭ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠠᠢ᠌ᠷᠠᠭ ᠱᠤᠤᠭᠢᠬᠤ ᠳᠠᠠᠵᠢ ᠶᠢ ᠰᠡᠩᠭᠢᠨᠡᠭᠦᠯᠦᠭ᠍ᠰᠡᠨ

ᠠᠩᠭᠢᠯᠤᠮᠠᠯ ᠴᠡᠴᠡᠭ᠌ ᠤᠨ ᠶᠠᠪᠠᠭᠠᠨ ᠳᠤᠯᠭᠢᠶ᠎ᠠ

ᠠᠩᠭᠢᠯᠤᠮᠠᠯ ᠴᠡᠴᠡᠭ᠌ ᠤᠨ ᠳᠤᠯᠭᠢᠶ᠎ᠠ ᠳᠠᠭᠤᠭᠰᠠᠨ

ᠠᠯᠢᠶ᠎ᠠ ᠰᠠᠯᠭᠢᠨ ᠤ ᠭᠠᠩᠭ᠋ᠠᠩ ᠠᠯᠬᠤᠭ᠎ᠠ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠮᠠᠩᠨᠤᠭ ᠴᠠᠢ᠌ᠳᠠᠮ ᠤᠨ ᠰᠤᠯᠢ ᠶᠢ ᠮᠥᠩᠭᠦᠯᠡᠭᠦ

ᠮᠠᠠᠳᠤᠬᠤ ᠨᠠᠷᠠᠨ ᠤ ᠢᠷᠠᠭᠤ ᠳᠤᠯᠤᠩ

ᠮᠠᠠᠳᠤᠬᠤ ᠨᠠᠷᠠᠨ ᠤ ᠲᠤᠯᠤᠩ ᠢ ᠣᠭᠳᠤᠬᠤ

ᠮᠠᠠᠵᠢᠯᠭᠠᠳᠤ ᠣᠷᠭᠢᠯ ᠤᠨ ᠣᠩᠭ᠋ᠤᠨ ᠰᠡᠵᠢᠭᠦᠷ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠰᠠᠷᠠᠨ᠎ᠠ ᠳᠤᠯᠠᠯᠵᠠᠬᠤ ᠬᠠᠩᠭ᠋ᠠᠢ ᠶᠢ ᠵᠥᠰᠦᠭ᠍ᠰᠡᠨ

ᠰᠠᠯᠠᠭ᠎ᠠ ᠨᠡᠢ᠌ᠯᠡᠭᠦ ᠣᠷᠳᠤ ᠬᠠᠷᠭᠤᠢ

ᠰᠠᠯᠠᠭ᠎ᠠ ᠨᠡᠢ᠌ᠯᠡᠭᠦ ᠬᠠᠷᠭᠤᠢ ᠶᠢ ᠡᠯᠭᠦᠭ᠍ᠰᠡᠨ

ᠰᠠᠯᠭᠢ ᠳᠠᠳᠠᠬᠤ ᠬᠤᠷᠳᠤᠨ ᠭᠦᠯᠦᠭ᠌

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠳᠡᠷᠭᠡᠯ ᠴᠠᠭᠠᠨ ᠰᠠᠷᠠ ᠳᠠᠮᠨᠠᠭᠰᠠᠨ

ᠳᠡᠭ᠍ᠷᠢ ᠳᠤᠯᠬᠤ ᠬᠤᠯᠪᠣᠭᠠᠯᠵᠢ ᠠᠭᠤᠯᠠ

ᠳᠡᠭ᠍ᠷᠢ ᠳᠤᠯᠬᠤ ᠠᠭᠤᠯᠠᠰ ᠢ ᠡᠷᠭᠢᠴᠡᠭ᠍ᠰᠡᠨ

ᠳᠡᠭᠦᠯᠳᠡᠷ ᠵᠢᠪᠬᠤᠭᠠᠳᠤ ᠭᠦᠷᠡᠩ ᠪᠦᠷᠭᠦᠤᠨ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠠᠭᠠᠷ ᠤᠨ ᠪᠦᠪᠠᠢ ᠳᠤ ᠡᠷᠭᠡᠯᠡᠨ ᠭᠦᠪᠦᠯᠵᠡᠭᠦ

ᠠᠶᠠᠠᠰᠢᠵᠤ ᠳᠠᠰᠤᠭᠰᠠᠨ ᠰᠠᠮᠠᠵᠠᠨ ᠡᠭᠦᠯᠡ

ᠠᠶᠠᠠᠰᠢᠬᠤ ᠡᠭᠦᠯᠡᠨ ᠤ ᠴᠢᠯᠦᠭᠡᠨ ᠳᠤ ᠳᠠᠯᠮᠠᠢ᠌ᠬᠤ

ᠠᠮᠠᠷᠠᠭ ᠤᠨ ᠨᠢᠳᠤ ᠰᠢᠭ᠌ ᠭᠡᠷᠡᠯᠳᠤ ᠮᠠᠴᠢᠳ

ᠨᠠᠯᠠᠭᠠᠷ ᠬᠤᠷᠸ᠎ᠠ ᠳᠤ ᠭᠦᠭᠡᠷᠡᠭᠦ

ᠨᠠᠪᠴᠢ ᠳᠡᠯᠭᠡᠷ ᠪᠠᠢ᠌ᠭᠠᠯᠢ ᠮᠢᠨᠢ ᠡ

ᠵᠤᠬᠢᠶᠠᠭᠴᠢ᠄ ᠴᠢ᠊·ᠳᠠᠯᠠᠢ
ᠬᠠᠷᠢᠶ᠎ᠠ᠄ ᠰᠢᠯᠦᠭ
ᠳᠠᠷᠤᠮ᠄ 2519
ᠴᠠᠭ᠄ 2006 ᠤᠨ ᠤ 07 ᠰᠠᠷ᠎ᠠ ᠶᠢᠨ 20