ᠠᠯᠳᠠᠨ ᠭᠢᠩᠭ᠋ᠠᠨ ᠮᠢᠨᠢ

ᠠᠤᠭ᠎ᠠ ᠭᠦᠴᠤᠨ ᠤ ᠤᠶᠠᠩ‍ᠭ᠎ᠠ ᠲᠡᠶ ᠨᠤᠭᠤᠭᠠᠨ ᠳᠤᠯᠭᠢᠶᠠᠨ

ᠨᠢᠭᠡᠳᠦᠯ ᠪᠦᠯᠭᠦᠮᠳᠡᠯ ᠤᠨ ᠨᠠᠢ᠌ᠷᠰᠠᠭ ᠬᠠᠯᠢᠭᠤᠷᠳᠠᠬᠤ ᠵᠠᠭᠢᠶ᠎ᠠ

ᠠᠯᠳᠠᠨ ᠡᠴᠠ ᠦᠨᠡᠳᠠᠢ ᠰᠡᠳᠭᠢᠯ ᠤᠨ ᠳᠠᠪᠠᠯᠭᠠᠨ ᠤ ᠰᠤᠷ

ᠨᠠᠷᠠᠨ ᠰᠠᠷᠠᠨ ᠤ ᠭᠦᠷᠦᠰᠤᠨ ᠤ ᠮᠥᠩᠭᠡ ᠶᠢᠨ ᠰᠢᠮ᠎ᠠ


ᠡᠷᠢᠨ ᠤ ᠵᠢᠮ᠎ᠠ ᠲᠡᠶ ᠡᠷᠳᠡᠨ ᠤ ᠰᠠᠷᠠᠨ ᠤ ᠪᠠᠭᠤᠴᠠ

ᠡᠶ᠎ᠡ ᠨᠢ ᠢᠯᠡᠭᠡᠨ ᠠᠷᠠᠤᠨ ᠲᠦᠮᠡᠨ ᠤ ᠬᠠᠢ᠌ᠷ᠎ᠠ ᠶᠢᠨ ᠰᠠᠭᠢᠭᠤᠰᠤ

ᠡᠷᠭᠢᠯᠳᠦᠭᠦ ᠪᠦᠮᠪᠦᠷᠴᠡᠭ᠌ ᠤᠨ ᠣᠳᠤᠳ ᠤᠨ ᠭᠠᠩᠭ᠋ᠠᠩ ᠰᠡᠷᠮᠡᠯᠵᠡᠭᠡᠨ

ᠡᠷᠴᠢᠭᠦ ᠡᠭᠦᠯᠡᠨ ᠲᠡᠶ ᠭᠦᠭᠡ ᠳᠡᠭ᠍ᠷᠢ ᠶᠢᠨ ᠳᠤᠷᠳᠤᠩ ᠥᠨᠦᠰᠦᠭᠡᠨ


ᠰᠠᠷᠠᠯ ᠶᠢᠡᠷ ᠳᠤᠪᠳᠤᠯᠳᠠᠭ ᠰᠠᠨᠠᠭᠠᠨ ᠤ ᠨᠤᠭᠤᠭᠠᠨ ᠵᠢᠭᠦᠷ

ᠰᠠᠷ ᠰᠠᠷ ᠰᠠᠯᠭᠢᠨ ᠨᠢ ᠠᠮᠢᠨ ᠤ ᠠᠯᠳᠠᠨ ᠰᠢᠭ ᠢᠷᠦᠭᠡᠯ

ᠬᠠᠯᠢᠬᠤ ᠰᠢᠪᠠᠭᠤᠳ ᠨᠢ ᠳᠡᠭ᠍ᠷᠢ ᠶᠢᠨ ᠨᠤᠲ᠋ ᠲᠡᠶ ᠭᠦᠭ᠍ᠵᠢᠮ

ᠬᠠᠯᠭᠢᠯᠠᠬᠤ ᠭᠤᠤᠯ ᠨᠢ ᠬᠠᠳᠠ ᠰᠢᠭ ᠰᠡᠳᠭᠢᠯ ᠤᠨ ᠦᠶᠡᠷ


ᠡᠩ ᠳᠡᠭᠡᠨ ᠳᠡᠯᠭᠡᠭᠡᠰᠦᠳᠡᠢ ᠡᠯᠳᠡᠩ ᠬᠤᠷᠸ᠎ᠠ ᠶᠢᠨ ᠳᠠᠩᠰᠠ

ᠡᠭᠡ ᠣᠷᠤᠨ ᠤ ᠦᠷᠤᠴᠠᠨ ᠤ ᠴᠢᠰᠤᠨ ᠳᠤ ᠰᠢᠩᠭᠡᠭᠡᠰᠦᠳᠡᠢ ᠨᠠᠢ᠌ᠷ

ᠵᠠᠭᠤᠨ ᠵᠠᠭᠤᠨ ᠶᠢᠡᠷ ᠰᠡᠳᠭᠢᠯ ᠳᠡᠯᠡᠭᠦᠯᠭᠦ ᠣᠬᠠᠭᠠᠨ ᠤ ᠦᠨᠳᠦᠷ ᠨᠤᠭᠤᠭᠠᠨ ᠭᠡᠷᠡᠮ

ᠵᠢᠪᠬᠤᠭ᠎ᠠ ᠵᠢᠪᠬᠤᠭ᠎ᠠ ᠪᠠᠷ ᠵᠤᠯᠠᠢ ᠳᠡᠨᠡᠢ᠌ᠯᠭᠡᠭᠦ ᠵᠠᠩᠵᠤᠨ ᠴᠡᠷᠢᠭ᠌ ᠤᠨ ᠵᠢᠭᠰᠠᠭᠠᠯ


ᠡᠵᠢ ᠶᠢᠨ ᠪᠦᠪᠠᠢ ᠶᠢᠨ ᠦᠶᠡᠷ ᠨᠢ ᠬᠠᠳᠠᠭᠤ ᠨᠥᠮᠵᠦᠭ᠌

ᠠᠪᠣ ᠶᠢᠨ ᠨᠠᠷᠠᠨ ᠤ ᠳᠦᠰᠢᠭ᠌ ᠨᠢ ᠬᠠᠩᠬᠠᠯᠠᠭᠤᠨ ᠵᠠᠢ᠌ᠰ

ᠦᠨᠡᠨ ᠤ ᠭᠠᠯ ᠲᠡᠶ ᠭᠦᠷᠡᠩ ᠴᠢᠯᠠᠭᠤᠨ ᠤ ᠳᠠᠮᠠᠭ᠎ᠠ

ᠦᠯᠴᠢᠷ ᠨᠠᠷᠠᠨ ᠲ᠋ᠠᠢ ᠮᠤᠩᠭ᠋ᠤᠯ ᠰᠤᠶᠤᠯ ᠤᠨ ᠪᠠᠯᠭᠡᠰᠢᠶᠡᠨ


ᠠᠮᠢᠰᠬᠤᠯ ᠢ ᠰᠡᠳᠭᠢᠯ ᠳᠡᠭᠡᠨ ᠠᠮᠢᠰᠬᠤᠨ ᠰᠢᠪᠬᠠᠳᠠᠭ ᠭᠡᠭᠡᠡᠴᠢᠷ

ᠠᠮᠢᠳᠤᠷᠠ ᠭᠡᠵᠤ ᠡᠪᠦᠯ ᠳᠡᠭᠡᠨ ᠳᠦᠩᠭᠦᠢᠨ ᠬᠠᠤᠭᠢᠭᠰᠠᠨ ᠭᠤᠸ᠎ᠠ ᠭᠢᠯᠢᠩ

ᠠᠭᠤᠳᠠᠮ ᠭᠦᠭᠡ ᠳᠡᠭ᠍ᠷᠢ ᠲᠡᠶ ᠰᠡᠳᠭᠢᠯ ᠢ ᠠᠯᠳᠠᠯᠠᠬᠤ ᠭᠦᠭᠦᠷᠭᠡ

ᠣᠤᠭᠠᠯ ᠰᠤᠶᠤᠯ ᠤᠨ ᠰᠢᠳᠢ ᠰᠤᠶᠤᠷᠬᠠᠭᠰᠠᠨ ᠠᠭᠤᠯᠠ ᠬᠠᠳᠠᠨ ᠤ ᠬᠠᠤᠯᠢ


ᠨᠠᠷᠮᠠᠢ ᠰᠤᠶᠤᠯ ᠤᠨ ᠡᠶᠡᠷ ᠨᠢ ᠳᠡᠮᠦᠷᠯᠢᠭ᠌ ᠮᠦᠰᠤ

ᠨᠠᠳᠬᠤᠭᠰᠠᠨ ᠠᠭᠳᠠᠨ ᠤ ᠰᠡᠳᠭᠢᠯ ᠨᠢ ᠮᠥᠩᠭᠡᠯᠢᠭ᠌ ᠶᠠᠰᠤ

ᠳᠦᠷᠤᠯᠭᠢ ᠴᠢᠨᠠᠷ ᠶᠢᠡᠷ ᠶᠢᠡᠨ ᠰᠡᠳᠭᠢᠯ ᠤᠨ ᠭᠡᠯᠪᠠᠷᠢ ᠪᠠᠷ ᠶᠢᠡᠨ ᠣᠷᠭᠤᠭᠰᠠᠨ

ᠳᠦᠭᠡᠷᠴᠡᠭ᠌ ᠶᠢᠡᠨ ᠨᠢᠭᠤᠴᠠᠬᠠᠢ᠌ᠯᠠᠬᠤ ᠦᠭᠡᠶ ᠰᠠᠷᠠᠨ ᠳᠦᠭᠡᠷᠢᠯ ᠤᠨ ᠴᠢᠪᠬᠠᠳᠠᠯ


ᠠᠯᠳᠠᠨ ᠭᠢᠩᠭ᠋ᠠᠨ ᠮᠢᠨᠢ

ᠰᠡᠳᠭᠢᠯ ᠤᠨ ᠵᠤᠪᠴᠠᠭ᠎ᠠ ᠮᠢᠨᠢ

ᠠᠯᠳᠠᠨ ᠭᠢᠩᠭ᠋ᠠᠨ ᠮᠢᠨᠢ

ᠰᠢᠯᠦᠭ᠌ ᠤᠨ ᠳᠠᠩᠬᠤ ᠮᠢᠨᠢ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1643
ᠴᠠᠭ᠄ 2012 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ