ᠡᠨᠡ ᠪᠣᠳᠤᠯ

ᠳᠤᠭᠤᠰᠤᠨ ᠳᠤᠮᠳᠠ ᠳᠤᠳᠤᠬᠠᠨ

ᠳᠤᠷᠭ᠎ᠠ ᠰᠢᠭ᠌ ᠨᠠᠮᠢᠷᠠᠬᠤ ᠪᠣᠳᠤᠯ

ᠳᠤᠶᠠᠬᠠᠨ ᠵᠥᠭᠡᠯᠡᠨ ᠴᠢᠮᠡᠭᠯᠡᠭ᠍ᠳᠡᠵᠤ

ᠳᠤᠯᠭ᠎ᠠ ᠶᠢᠨ ᠭᠠᠯ ᠰᠢᠭ᠌ ᠪᠠᠳᠠᠷᠠᠪᠠ᠂


ᠳᠤᠳᠠᠭᠤ ᠶᠢ ᠨᠥᠭᠦᠵᠤ

ᠳᠤᠷᠤᠯᠵᠠᠬᠤ ᠪᠣᠷᠤ ᠬᠤᠷᠸ᠎ᠠ ᠶᠢᠨ ᠦᠮᠴᠢᠨ ᠳ᠋ᠤ

ᠳᠤᠰᠠ ᠪᠣᠯᠬᠤ ᠨᠢ ᠴᠤ ᠶᠠᠭᠤ ᠮᠠᠭᠠᠤᠨ

ᠠᠯᠤᠰ ᠤᠨ ᠴᠡᠩᠭᠡᠷ ᠪᠣᠳᠤᠯ ᠮᠢᠨᠢ᠂

ᠠᠶᠠᠨ ᠤ ᠠᠷᠢᠭᠤᠨ ᠪᠣᠳᠤᠯ ᠮᠢᠨᠢ︕


ᠡᠨᠡ ᠪᠤᠳᠦᠯ᠂   ᠡᠷᠢᠨ ᠵᠠᠭᠤᠨ ᠤ ᠪᠣᠳᠤᠯ

ᠡᠩᠭᠡ ᠶᠢᠨ ᠴᠠᠭᠠᠨ ᠮᠤᠩᠭ᠋ᠤᠯ ᠳᠠᠭᠤᠨ ᠳᠤ ᠰᠢᠩᠭᠡᠭ᠍ᠰᠡᠨ

ᠢᠮ ᠳᠡᠮᠳᠡᠭ᠌ ᠲᠡᠶ ᠪᠣᠳᠤᠯ

ᠢᠰᠡᠭᠡᠢ ᠭᠡᠷ ᠤᠨ ᠪᠠᠭᠤᠴᠠ ᠶᠢ ᠳᠡᠯᠡᠭ᠍ᠰᠡᠨ

ᠡᠷᠡᠨ ᠴᠠᠭ ᠤᠨ ᠠᠯᠳᠠᠨ ᠪᠠᠢ᠌ᠭᠠᠯᠢ ᠶᠢᠨ ᠪᠣᠳᠤᠯ ᠡ᠂


ᠡᠭᠡ ᠣᠷᠤᠨ ᠤ ᠮᠢᠨᠢ ᠨᠤᠭᠤᠭᠠᠨ ᠰᠠᠯᠭᠢ ᠵᠢ

ᠡᠮᠵᠢᠶᠡᠷᠢ ᠳᠠᠷᠤᠨ ᠦᠷᠭᠦᠭᠡᠭ᠍ᠰᠡᠨ

ᠡᠷᠡᠭᠦᠯ ᠰᠠᠷᠠᠭᠤᠯ ᠣᠩᠭ᠋ᠤᠳ ᠪᠠᠭᠤᠬᠤ ᠳᠤ ᠰᠢᠳᠦᠭ᠍ᠰᠡᠨ

ᠡᠷᠳᠡᠨ ᠤ ᠣᠳᠤᠭ ᠵᠤᠤᠬ᠎ᠠ ᠶᠢᠨ ᠪᠣᠳᠤᠯ

ᠡᠯᠢᠭᠡ ᠨᠢᠭᠡᠳᠡᠢ ᠨᠤᠳᠤᠭ ᠤᠨ ᠴᠢᠯᠠᠭᠤᠳ ᠢ ᠬᠠᠷᠠᠮᠯᠠᠵᠤ

ᠡᠨᠡ ᠪᠦᠭᠦᠨ ᠮᠤᠩᠭ᠋ᠤᠯ ᠤᠨ ᠭᠢ ᠭᠡᠰᠡᠨ ᠪᠣᠳᠤᠯ

ᠡᠭᠡᠯ ᠪᠠᠰᠠ ᠨᠢᠭᠤᠴᠠᠯᠢᠭ

ᠡᠷᠭᠡᠰ ᠭᠠᠷᠠᠭ ᠤᠨ ᠪᠣᠳᠤᠯ ᠡ︕


ᠡᠨᠡ ᠪᠤᠳᠦᠯ᠂   ᠡᠷᠡᠨ ᠵᠠᠭᠤᠨ ᠤ ᠪᠣᠳᠤᠯ

ᠡᠩᠭᠡ ᠶᠢᠨ ᠭᠦᠭᠡ ᠮᠤᠩᠭ᠋ᠤᠯ ᠤᠨ ᠦᠨᠦᠷ ᠲᠡᠶ ᠪᠣᠳᠤᠯ ᠡ︕

ᠡᠷᠭᠢᠨ ᠬᠠᠷᠠᠬᠤ ᠳᠤ ᠡᠵᠢ ᠶᠢᠨ ᠪᠠᠷ᠎ᠠ ᠲᠡᠶ ᠪᠣᠳᠤᠯ

ᠡᠮᠳᠡᠷᠡᠭ᠍ᠰᠡᠨ ᠴᠤ ᠡᠷ᠎ᠡ ᠶᠢᠨ ᠭᠡᠢ᠌ᠮᠦᠷᠢ ᠲᠡᠶ ᠰᠡᠷᠭᠦᠭᠦ

ᠡ᠊ᠨᠳᠡ ᠪᠢ ᠯᠠ ᠪᠠᠢ᠌ᠨ᠎ᠠ ᠭᠡᠰᠡᠨ ᠪᠣᠳᠤᠯ᠂


ᠪᠣᠳᠤᠯ︕

ᠪᠣᠷᠤᠭᠤ ᠵᠦᠪ ᠴᠤ ᠪᠣᠯᠤᠭᠰᠠᠨ ᠪᠣᠳᠤᠯ

ᠪᠣᠶᠠᠨ ᠨᠢᠭᠦᠯ ᠪᠣᠯᠤᠭᠰᠠᠨ ᠴᠤ ᠪᠣᠳᠤᠯ

ᠪᠣᠷᠤᠬᠠᠨ ᠠᠮᠢᠳᠤᠷᠠᠯ ᠢ ᠳᠡᠮᠡᠴᠡᠭ᠍ᠰᠡᠨ ᠪᠣᠳᠤᠯ

ᠪᠣᠷᠤᠬᠠᠨ ᠰᠠᠨᠠᠭ᠎ᠠ ᠶᠢ ᠳᠡᠮᠵᠢᠭ᠍ᠰᠡᠨ ᠪᠣᠳᠤᠯ  ᠂


ᠪᠤᠳᠦᠯ᠂   ᠢᠯᠡᠷᠭᠡᠢ᠌ᠯᠡᠶ᠎ᠡ ᠭᠡᠰᠡᠨ ᠪᠣᠳᠤᠯ

ᠢᠯᠡᠭᠦᠤ ᠦᠨᠡᠨ ᠰᠢᠤ ᠭᠡᠰᠡᠨ ᠪᠣᠳᠤᠯ

ᠶᠡᠭᠡ ᠳᠡᠭ᠍ᠷᠢ ᠶᠢᠨ ᠪᠣᠳᠤᠯ

ᠡᠨᠡ ᠪᠤᠳᠦᠯ᠂   ᠡᠷᠡᠨ ᠵᠠᠭᠤᠨ ᠤ ᠪᠣᠳᠤᠯ

ᠡᠨᠡ ᠦᠨᠡᠨ ᠳᠡᠭᠡᠨ ᠦᠨᠡᠨ ᠰᠢᠤ ᠭᠡᠰᠡᠨ ᠪᠣᠳᠤᠯ

ᠡᠷᠭᠢᠵᠤ ᠢᠷᠡᠭᠦ ᠦᠭᠡᠶ ᠣᠩᠭ᠋ᠤᠳ ᠳᠡᠭ᠍ᠷᠢ ᠶᠢᠨ ᠪᠣᠳᠤᠯ ᠡ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠬᠠᠷᠢᠶ᠎ᠠ᠄ ᠰᠢᠯᠦᠭ
ᠳᠠᠷᠤᠮ᠄ 1967
ᠴᠠᠭ᠄ 2011 ᠤᠨ ᠤ 05 ᠰᠠᠷ᠎ᠠ ᠶᠢᠨ 13