ᠨᠢᠭᠤᠴᠠ ᠳᠤᠪᠴᠢᠶᠠᠨ
᠊᠊᠊᠊᠊᠊᠊᠊᠊᠊᠊᠊᠊᠊᠊ ᠦᠵᠦᠮᠤᠴᠢᠨ ᠤ ᠭᠤᠷᠤᠬᠠᠨ ᠬᠠᠢ᠌ᠷᠬᠠᠨ ᠳᠤ ᠪᠠᠨ ᠰᠥᠵᠢᠭᠯᠡᠵᠤ ᠪᠢᠴᠢᠪᠠᠢ

ᠨᠢᠭᠤᠴᠠ ᠳᠤᠪᠴᠢᠶᠠᠨ

ᠳᠠᠩᠭᠢᠰ ᠭᠡᠳᠦᠯᠵᠤ ᠢᠷᠡᠭ᠍ᠰᠡᠨ ᠪᠦᠷᠳᠡ ᠴᠢᠨ᠋ᠸ᠎ᠠ ᠡᠴᠠ

ᠡᠭᠢᠯᠡᠵᠤ ᠣᠷᠤᠰᠤᠨ᠎ᠠ

ᠨᠢᠭᠤᠴᠠ ᠳᠤᠪᠴᠢᠶᠠᠨ

ᠳᠠᠨᠢᠭᠰᠠᠨ ᠳᠠᠨᠢᠭ᠎ᠠ ᠦᠭᠡᠶ ᠥᠵᠦᠭ᠌ ᠤᠳ ᠣᠤᠠᠬ᠎ᠠ ᠨᠢ

ᠣᠨᠢᠰᠤᠭ᠎ᠠ ᠪᠣᠯᠵᠤ ᠣᠷᠤᠰᠢᠨ᠎ᠠ᠂

ᠨᠢᠭᠤᠴᠠ ᠳᠤᠪᠴᠢᠶᠠᠨ

ᠳᠡᠭᠦᠰᠭᠡᠯ ᠨᠢ ᠪᠠᠯᠠᠷᠬᠠᠢ

ᠦᠯᠦ ᠮᠡᠳᠡᠭ᠍ᠳᠡᠭᠦ ᠨᠢᠭᠡᠨ ᠴᠡᠭ᠌

ᠨᠢᠭᠤᠴᠠ ᠳᠤᠪᠴᠢᠶᠠᠨ

ᠳᠡᠭᠦᠰᠭᠡᠯ ᠦᠭᠡᠶ ᠥᠷᠭᠦᠯᠵᠢᠯᠡᠭᠦ

ᠦᠪᠡᠷ ᠢ ᠪᠠᠨ ᠯᠠ ᠮᠡᠳᠡᠭᠦ ᠨᠢᠭᠡᠨ ᠴᠤᠪᠣᠭ᠎ᠠ᠂

ᠨᠢᠭᠤᠴᠠ ᠳᠤᠪᠴᠢᠶᠠᠨ ᠡᠴᠠ ᠳᠠᠰᠤᠷᠠᠭᠰᠠᠨ ᠠᠳᠤᠭᠤ ᠨᠢ

ᠨᠡᠭᠦᠵᠤ ᠳᠠᠪᠭᠢᠬᠤ ᠳ᠋ᠤ

ᠨᠢᠯᠪᠣᠰᠤᠨ ᠡᠴᠠ ᠨᠢ ᠳᠡᠦᠭᠡ ᠠᠮᠳᠠᠯᠠᠭᠳᠠᠵᠤ

ᠰᠠᠯᠭᠢᠨ ᠤ ᠴᠢᠮᠡᠭᠡ ᠳᠤᠭᠤᠷᠠᠢ᠌ᠨ ᠳᠤ ᠨᠢ ᠭᠡᠷᠪᠢᠭ᠍ᠳᠡᠨ

ᠨᠠᠷᠠᠨ ᠤ ᠭᠡᠷᠡᠯ ᠴᠢᠭᠢᠨ ᠳᠤ ᠨᠢ ᠱᠤᠤᠭᠢᠵᠤ ᠪᠠᠢ᠌ᠭᠰᠠᠨ ᠭᠡᠳᠡᠭ᠌᠂

ᠨᠢᠭᠤᠴᠠ ᠳᠤᠪᠴᠢᠶᠠᠨ ᠳᠤ ᠪᠢᠴᠢᠭ᠍ᠳᠡᠭ᠍ᠰᠡᠨ ᠪᠠᠭᠠᠳᠤᠷ ᠤᠳ ᠨᠢ

ᠵᠤᠬᠢᠶᠠᠭᠴᠢ ᠪᠠᠨ ᠣᠯᠬᠤ ᠭᠡᠵᠤ

ᠵᠢᠯᠤᠭᠤ ᠦᠭᠡᠶ ᠵᠤᠪᠠᠵᠤ ᠭᠡᠯᠳᠦᠷᠢᠭᠦ ᠳ᠋ᠤ

ᠨᠡᠭᠦᠳᠡᠯ ᠤᠨ ᠴᠢᠮᠡᠭᠡᠨ ᠳᠤ ᠨᠢ ᠳᠠᠯ᠎ᠠ ᠭᠦᠭᠯᠡᠷᠡᠵᠤ

ᠠᠷᠪᠠᠨ ᠭᠤᠷᠪᠠᠳᠤᠭᠠᠷ ᠵᠠᠭᠤᠨ ᠶᠠᠪᠣᠴᠢᠬᠠᠭᠰᠠᠨ ᠪᠠᠢ᠌ᠯ᠎ᠠ ᠭᠡᠳᠡᠭ᠌

ᠬᠤᠷᠢᠨ ᠨᠢᠭᠡᠳᠦᠭᠡᠷ ᠵᠠᠭᠤᠨ ᠢᠷᠡᠴᠢᠭᠡᠭ᠍ᠰᠡᠨ ᠪᠠᠢ᠌ᠯ᠎ᠠ ᠭᠡᠳᠡᠭ᠌᠃


ᠵᠤᠬᠢᠶᠠᠭᠴᠢ ᠶᠢᠨ ᠬᠠᠶ‍ᠢᠭ᠄ ᠮᠥᠭ᠍ᠳᠡᠨ ᠬᠤᠳᠠ ᠶᠢᠨ ᠯᠢᠶᠤᠤᠨᠢᠩ ᠶᠡᠭᠡ ᠰᠤᠷᠭᠠᠭᠤᠯᠢ ᠶᠢᠨ ᠰᠢᠨ᠎ᠡ ᠳᠤᠭᠤᠷᠢᠭ ᠤᠨ ᠠᠵᠤ ᠠᠬᠤᠢ ᠶᠢᠨ ᠭᠦᠷᠢᠶᠡᠯᠡᠩ ᠤᠨ 09 ᠣᠨ ᠤ ᠠᠵᠤ ᠠᠬᠤᠢ ᠶᠢᠨ ᠰᠠᠯᠪᠣᠷᠢ

ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1479
ᠴᠠᠭ᠄ 2009 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁