ᠴᠠᠰᠤ᠂ ᠰᠠᠷᠭᠠᠢ ᠬᠤᠶᠠᠷ ᠤᠨ ᠳᠤᠮᠤᠭ

ᠴᠠᠰᠤ ᠊᠊᠊᠊᠊᠊᠊᠊᠊᠊᠊᠊᠊᠊᠊

ᠰᠤᠷᠮᠤᠤᠰᠤᠨ ᠳᠡᠭᠡᠷ᠎ᠡ ᠴᠢᠨᠢ ᠪᠢ ᠳᠠᠪᠳᠠᠷᠢᠵᠤ ᠪᠠᠭᠤᠯ᠎ᠠ

ᠨᠢᠯᠪᠣᠰᠤ ᠲᠡᠶ ᠴᠢᠨᠢ ᠬᠠᠮᠳᠤ ᠬᠠᠴᠠᠷ ᠣᠷᠤᠭᠤ ᠴᠢᠨᠢ ᠪᠦᠮᠪᠦᠷᠢᠶ᠎ᠡ

ᠢᠩᠭᠢᠭᠡᠳ ᠦᠷᠡᠭ᠍ᠳᠡᠭ᠍ᠰᠡᠨ ᠴᠤ ᠪᠢ ᠭᠤᠮᠤᠳᠠᠯ ᠥᠭᠡᠢ

ᠡᠷᠭᠢᠭᠦ ᠳᠦᠷᠤᠯ ᠳᠤ ᠪᠠᠨ ᠠᠭᠤᠯᠵᠠᠶ᠎ᠠ ᠭᠡᠵᠤ ᠠᠮᠠᠯᠠᠭᠰᠠᠨ ᠶᠢᠠᠨ ᠪᠣᠳᠤᠶ᠎ᠠ


ᠰᠠᠷᠭᠠᠢ ᠊᠊᠊᠊᠊᠊᠊᠊᠊᠊᠊᠊᠊᠊᠊

ᠠᠯᠠᠭᠠᠨ ᠳᠡᠭᠡᠷ᠎ᠡ ᠴᠢᠨᠢ ᠪᠢ ᠭᠡᠢ᠌ᠰᠴᠤ ᠪᠠᠭᠤᠯ᠎ᠠ

ᠪᠣᠯᠪᠠᠷᠠᠢ ᠬᠤᠷᠤᠭᠤ ᠶᠢ ᠴᠢᠨᠢ ᠠᠳᠬᠤᠵᠤ ᠪᠦᠯᠢᠶᠡᠰᠭᠡᠶ᠎ᠡ

ᠵᠢᠷᠦᠭᠡᠨ ᠤ ᠴᠢᠨᠢ ᠥᠩᠭᠡ ᠲᠡᠶ ᠢᠵᠢᠯᠭᠡᠨ ᠪᠠᠢ᠌ᠶ᠎ᠠ

ᠵᠡᠭᠦᠳᠤ ᠵᠦᠩ ᠶᠢᠡᠷ ᠶᠢᠡᠨ ᠴᠤ ᠭᠡᠰᠡᠨ ᠣᠴᠠᠷᠠᠵᠤ ᠵᠢᠷᠭᠠᠶ᠎ᠠ


ᠴᠠᠰᠤ ᠊᠊᠊᠊᠊᠊᠊᠊᠊᠊᠊᠊᠊᠊᠊

ᠠᠯᠠᠭᠠᠨ ᠳᠡᠭᠡᠷ᠎ᠡ ᠮᠢᠨᠢ ᠪᠠᠭᠤᠬᠤ ᠭᠡᠰᠡᠨ ᠪᠢᠰᠢᠤ

ᠠᠵᠢᠵᠤ ᠵᠠᠪᠳᠤᠬᠤ ᠡᠴᠠ ᠡᠮᠤᠨ᠎ᠡ ᠭᠡᠢ᠌ᠰᠴᠢᠭᠡᠯ᠎ᠡ ᠴᠢ ᠮᠢᠨᠢ

ᠠᠳᠬᠤᠨ ᠳᠤ ᠥᠯᠡᠳᠡᠭ᠍ᠰᠡᠨ ᠭᠠᠭᠴᠠᠬᠠᠨ ᠣᠯᠠᠭᠠᠨ ᠳᠠᠯᠪᠢ ᠵᠢ

ᠠᠷᠢᠭᠤᠬᠠᠨ ᠴᠢᠨᠤᠭᠢ ᠪᠠᠨ ᠣᠷᠤᠭᠤᠯ ᠤᠨ ᠬᠡ ᠭᠡᠮᠡᠨ ᠳᠠᠨᠢᠴᠢᠬᠠᠯ᠎ᠠ


ᠰᠠᠷᠭᠠᠢ ᠊᠊᠊᠊᠊᠊᠊᠊᠊᠊᠊᠊᠊᠊᠊

ᠰᠤᠤᠷᠮᠤᠰᠤᠨ ᠳᠡᠭᠡᠷ᠎ᠡ ᠮᠢᠨᠢ ᠪᠠᠭᠤᠬᠤ ᠭᠡᠰᠡᠨ ᠪᠢᠰᠢᠤ

ᠰᠠᠷᠠᠵᠤ ᠠᠮᠵᠢᠬᠤ ᠡᠴᠠ ᠡᠮᠤᠨ᠎ᠡ ᠬᠠᠢ᠌ᠯᠴᠢᠬᠠᠯ᠎ᠠ ᠴᠢ ᠮᠢᠨᠢ

ᠠᠳᠬᠤᠨ ᠳᠡᠭᠡᠷ᠎ᠡ ᠪᠦᠮᠪᠦᠭᠡᠨᠡᠭ᠍ᠰᠡᠨ ᠪᠣᠯᠤᠷ ᠮᠥᠭᠦᠯᠢᠭ᠌ ᠢ

ᠠᠯᠠᠭ ᠨᠢᠳᠤᠨ ᠤ ᠴᠢᠨᠢ ᠴᠡᠴᠡᠭᠡᠢ ᠭᠡᠮᠡᠨ ᠳᠠᠨᠢᠴᠢᠬᠠᠯ᠎ᠠ


ᠴᠠᠰᠤ ᠊᠊᠊᠊᠊᠊᠊᠊᠊᠊᠊᠊᠊᠊᠊

ᠴᠢᠮ᠎ᠠ ᠪᠠᠨ ᠳᠡᠯᠭᠡᠷᠡᠭᠦ ᠴᠠᠭ ᠶᠢᠡᠷ

ᠪᠢ ᠴᠢᠨᠢ ᠵᠡᠭᠦᠳᠤ ᠪᠣᠯᠵᠤ ᠬᠤᠴᠤᠷᠳᠠᠭ

ᠭᠤᠷᠤᠬ᠎ᠠ ᠣᠷᠤᠰᠬᠤ ᠴᠢᠮᠡᠭᠡ ᠪᠠᠷ

ᠭᠤᠨᠢᠭᠳᠤ ᠣᠭᠢᠯᠠᠯ ᠢ ᠮᠢᠨᠢ ᠴᠢᠩᠨᠠ ᠳ᠋ᠠ


ᠰᠠᠷᠭᠠᠢ ᠊᠊᠊᠊᠊᠊᠊᠊᠊᠊᠊᠊᠊᠊᠊

ᠵᠤᠨ ᠤ ᠪᠠᠨ ᠵᠤᠯᠠᠢ ᠳᠡᠭᠡᠷ᠎ᠡ ᠪᠢ

ᠦᠨᠦᠰᠤᠯᠳᠠ ᠪᠠᠨ ᠥᠯᠡᠳᠡᠭᠡᠵᠤ ᠪᠠᠢ᠌ᠶ᠎ᠠ

ᠡᠪᠦᠯ ᠡᠷᠭᠢᠵᠤ ᠢᠷᠡᠭᠦ ᠪᠣᠯᠳᠠᠯ᠎ᠠ

ᠴᠢᠮ᠎ᠠ ᠪᠠᠨ ᠭᠦᠯᠢᠶᠡᠵᠤ ᠪᠠᠢ᠌ᠶ᠎ᠠ ᠳ᠋ᠠ


         2010.12.4


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠬᠠᠷᠢᠶ᠎ᠠ᠄ ᠰᠢᠯᠦᠭ
ᠳᠠᠷᠤᠮ᠄ 1912
ᠴᠠᠭ᠄ 2011 ᠤᠨ ᠤ 01 ᠰᠠᠷ᠎ᠠ ᠶᠢᠨ 23