ᠥᠨᠦᠴᠢᠨ ᠬᠠᠢ᠌ᠷ᠎ᠠ

ᠰᠠᠯᠵᠤ ᠴᠢᠳᠠᠬᠤ ᠦᠭᠡᠶ ᠰᠡᠳᠭᠢᠯ ᠪᠠᠢ᠌ᠳᠠᠭ ᠢ

ᠰᠠᠢ᠌ᠬᠠᠨ ᠬᠠᠷ᠎ᠠ ᠨᠢᠳᠤᠨ ᠡᠴᠡ ᠴᠢᠨᠢ ᠣᠢ᠌ᠯᠠᠭᠠᠯ᠎ᠠ

ᠰᠠᠨᠠᠭᠠᠤᠨ ᠣᠳᠠᠬᠤ ᠪᠠᠷ  ᠴᠦᠷᠭᠦᠯᠡᠭᠦᠯᠤᠨ ᠳᠠᠮᠠᠭᠢᠯᠠᠳᠠᠭ ᠢ  ᠴᠢᠨᠢ ᠴᠤ ᠮᠠᠳᠠᠯ᠎ᠠ

ᠬᠠᠢ᠌ᠷᠠᠯᠠᠬᠤ ᠶᠢᠨ ᠡᠷᠭᠡᠨ ᠳ᠋ᠤ

ᠴᠢᠩᠭ᠋ᠠᠬᠠᠨ ᠳᠠᠪᠠᠷᠢᠵᠤ ᠥᠨᠦᠰᠳᠡᠭ᠌ ᠪᠠᠢ᠌ᠪᠠᠤ︖

ᠬᠠᠷᠠᠮᠨᠠᠵᠤ ᠭᠡᠳᠤᠨ ᠥᠭᠡ ᠪᠠᠨ ᠰᠢᠪᠠᠨᠡᠳᠡᠭ᠌ ᠪᠠᠢ᠌ᠯ᠎ᠠ ᠦᠦ︖

ᠬᠠᠩᠬᠠᠭᠠᠷ ᠦᠷᠭᠡᠨ ᠦᠷᠤᠴᠠᠨ ᠳᠡᠭᠡᠨ ᠨᠠᠭᠠᠯᠳᠤᠭᠤᠯᠤᠨ ᠡᠷᠭᠡᠯᠡᠭᠦᠯᠳᠡᠭ᠌ ᠴᠤ ᠪᠠᠢ᠌ᠪᠠ᠃

ᠳᠡᠭᠡᠭᠦ ᠳᠤ ᠬᠤᠶᠠᠭᠤᠯᠠ ᠳᠠᠭᠤᠯᠠᠭᠠᠤᠨ ᠬᠠᠩᠬᠤ ᠦᠭᠡᠶ ᠢᠨᠠᠭ ᠤᠨ ᠳᠠᠭᠤᠤ ᠲᠡᠶ ᠪᠠᠢ᠌ᠯ᠎ᠠ

ᠳᠠᠷᠠ ᠬᠤᠯᠠ ᠶᠢᠨ ᠳᠡᠭ᠍ᠷᠢ ᠬᠤᠷ᠎ᠠ ᠪᠠᠷ ᠶᠢᠡᠨ ᠣᠶᠠᠰᠳᠠᠭ ᠪᠠᠢ᠌ᠯ᠎ᠠ

ᠳᠤᠷᠮᠤᠭᠤᠷ ᠭᠦᠭᠡᠷᠦᠭᠦᠨ ᠣᠳᠤᠳ ᠳᠤᠭ᠎ᠠ ᠪᠠᠷ ᠶᠢᠡᠨ ᠵᠥᠩᠨᠡᠳᠡᠭ᠌ ᠪᠠᠢ᠌ᠯ᠎ᠠ

ᠳᠠᠯ᠎ᠠ ᠶᠢᠨ ᠨᠤᠭᠤᠭᠠᠨ ᠵᠥᠯᠭᠡ ᠴᠡᠴᠡᠭ᠌ ᠶᠢᠡᠷ ᠶᠢᠡᠨ ᠪᠠᠶᠠᠰᠳᠠᠭ ᠪᠠᠢ᠌ᠯ᠎ᠠ

ᠳᠤᠭᠯᠠᠨ ᠵᠢᠷᠭᠢᠭᠦ ᠰᠢᠪᠠᠭᠤᠳ ᠱᠤᠯᠤᠭᠠᠨᠠᠵᠤ ᠭᠦᠭᠡᠷᠳᠡᠭ᠌ ᠪᠠᠢ᠌ᠯ᠎ᠠ᠃

ᠰᠠᠯᠵᠤ ᠴᠢᠳᠠᠬᠤ ᠦᠭᠡᠶ ᠰᠡᠳᠭᠢᠯ ᠪᠠᠢ᠌ᠳᠠᠭ ᠢ

ᠳᠠᠯᠮᠢᠶᠠᠷᠠᠭᠰᠠᠨ ᠬᠠᠷᠠᠴᠠ ᠡᠴᠡ ᠴᠢᠨᠢ ᠣᠢ᠌ᠯᠠᠭᠠᠯ᠎ᠠ

ᠰᠠᠨᠠᠬᠤ ᠶᠢᠨ ᠳᠠᠪᠢᠯᠠᠩ ᠶᠢᠡᠷ ᠨᠢᠭᠤᠵᠤ ᠪᠣᠯᠵᠤᠳᠠᠭ ᠳᠠᠭᠠᠨ ᠣᠶᠠᠷᠠᠳᠠᠭ  ᠶᠤᠮ

ᠨᠢᠭᠤᠳᠠᠭ ᠪᠣᠯᠬᠤᠷ ᠰᠡᠳᠭᠢᠯ ᠪᠣᠯᠭᠢᠵᠤ ᠬᠠᠢ᠌ᠷ᠎ᠠ ᠥᠨᠦᠴᠢᠷᠡᠳᠡᠭ᠌ ᠡ᠃


ᠵᠤᠬᠢᠶᠠᠭᠴᠢ ᠶᠢᠨ ᠬᠠ‍‌ᠶᠢᠭ ᠄ ᠬᠤᠤᠯᠢᠩᠭ᠋ᠤᠯ

ᠵᠤᠬᠢᠶᠠᠭᠴᠢ᠄ ᠳᠤᠷ᠎ᠠ
ᠬᠠᠷᠢᠶ᠎ᠠ᠄ ᠰᠢᠯᠦᠭ
ᠳᠠᠷᠤᠮ᠄ 1853
ᠴᠠᠭ᠄ 2010 ᠤᠨ ᠤ 11 ᠰᠠᠷ᠎ᠠ ᠶᠢᠨ 22