ᠭᠡᠭᠡᠷ᠎ᠡ ᠶᠢᠨ ᠡᠪᠠᠰᠤ

ᠭᠦᠭᠡ ᠳᠡᠭ᠍ᠷᠢ ᠳᠤ ᠪᠠᠨ ᠬᠠᠢ᠌ᠷᠠᠳᠠᠢ ᠪᠣᠯᠬᠤᠷ

ᠡᠪᠠᠰᠤ ᠴᠢ ᠨᠤᠭᠤᠭᠠᠷᠠᠨ᠎ᠠ

ᠭᠦᠷᠦᠰᠦᠳᠤ ᠭᠠᠵᠠᠷ ᠲᠤ ᠪᠠᠨ ᠡᠭᠡᠯᠢᠳᠡᠢ ᠪᠣᠯᠬᠤᠷ

ᠡᠪᠠᠰᠤ ᠴᠢ ᠨᠠᠢ᠌ᠭᠤᠨ᠎ᠠ


ᠭᠦᠰᠡᠯ ᠬᠠᠢ᠌ᠷ᠎ᠠ ᠶᠢᠨ ᠵᠡᠭᠦᠳᠤ ᠲᠡᠶ ᠪᠣᠯᠬᠤᠷ

ᠡᠪᠠᠰᠤ ᠴᠢ ᠭᠡᠰᠤᠨ᠎ᠡ

ᠭᠦᠳᠡᠭᠡ ᠳᠠᠯ᠎ᠠ ᠳᠤ ᠦᠨᠳᠦᠰᠦ ᠲᠡᠶ ᠪᠣᠯᠬᠤᠷ

ᠡᠪᠠᠰᠤ ᠴᠢ ᠦᠨᠵᠢᠨ᠎ᠡ


ᠨᠠᠷᠠᠨ ᠰᠠᠷᠠᠨ ᠤ ᠰᠠᠢ᠌ᠨ ᠢ ᠮᠠᠳᠠᠷᠠᠨ

ᠡᠪᠠᠰᠤ ᠴᠢ ᠦᠰᠤᠨ᠎ᠡ

ᠨᠠᠮᠢᠷᠠᠭ᠎ᠠ ᠬᠤᠷ᠎ᠠ ᠶᠢᠨ ᠨᠠᠢ᠌ᠷ ᠢ ᠭᠦᠷᠳᠡᠨ

ᠡᠪᠠᠰᠤ ᠴᠢ ᠵᠢᠷᠭᠢᠨ᠎ᠡ


ᠨᠠᠯᠠᠭᠠᠷ ᠳᠠᠯ᠎ᠠ ᠶᠢᠨ ᠰᠦᠨᠠᠰᠤ ᠲᠡᠶ ᠪᠣᠯᠬᠤᠷ

ᠡᠪᠠᠰᠤ ᠴᠢ ᠮᠥᠩᠭᠡᠷᠡᠨ᠎ᠡ

ᠨᠠᠪᠴᠢ ᠴᠡᠴᠡᠭ᠌ ᠤᠨ ᠲᠦᠯᠤ ᠲᠡᠶ ᠪᠣᠯᠬᠤᠷ

ᠡᠪᠠᠰᠤ ᠴᠢ ᠨᠠᠷᠭᠢᠨ᠎ᠡ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1619
ᠴᠠᠭ᠄ 2013 ᠤᠨ ᠤ 03 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ