ᠪᠣᠷᠬᠠᠨ ᠪᠠᠭᠰᠢ ᠶᠢᠨ ᠳᠠᠩᠭ᠋ᠠᠷᠢᠭ

ᠭᠦᠮᠦᠰ ᠬᠤᠷᠸ᠎ᠠ ᠶᠢᠨ ᠰᠢᠨᠤᠯ ᠳᠠᠴᠢᠶᠠᠯ ᠡᠴᠡ ᠰᠠᠯᠵᠤ ᠬᠠᠭᠠᠴᠠᠬᠤ ᠳᠤ ᠳᠣᠢ᠌ᠯ ᠤᠨ ᠭᠡᠴᠡᠭᠦᠤ᠂ ᠡᠷᠳᠡ ᠳᠡᠭᠡᠳᠤ ᠦᠶ᠎ᠡ ᠡᠴᠡ ᠳᠠᠳᠠ ᠮᠠᠭᠤ ᠶᠢ ᠣᠢ᠌ᠯᠠᠳᠴᠤ᠂ ᠳᠦᠭᠡᠷᠢᠯᠳᠦᠵᠤ ᠪᠠᠢ᠌ᠵᠠᠢ᠃ ᠳᠠᠳᠠ ᠭᠡᠳᠥᠢᠪᠠᠷ ᠪᠣᠷᠬᠠᠨ ᠤ ᠮᠦᠨ ᠴᠢᠨᠠᠷ ᠲᠡᠶ ᠠᠳᠠᠯ᠎ᠠ ᠳᠡᠭᠦᠨ ᠢ ᠨᠡᠭᠡᠭᠡᠨ ᠦᠯᠦ ᠴᠢᠳᠠᠨ᠎ᠠ᠃ ᠭᠦᠮᠤᠨ ᠤ ᠵᠠᠩ ᠴᠢᠨᠠᠷ ᠢ ᠰᠠᠢ᠌ᠨ ᠮᠡᠳᠡᠳᠡᠭ᠌ ᠪᠣᠷᠬᠠᠨ ᠪᠠᠭᠰᠢ ᠠᠯᠢ ᠳᠢᠪ ᠭᠠᠯᠪᠠ ᠶᠢᠨ ᠦᠶ᠎ᠡ ᠡᠴᠡ ᠪᠣᠳ᠋ᠳ᠋ᡁᠨ ᠪᠣᠯᠬᠤ ᠪᠠᠷ ᠰᠢᠳᠤᠨ᠂ ᠳᠡᠭᠡᠳᠤ ᠵᠡᠷᠭᠡ ᠶᠢᠨ ᠡᠡᠭ᠍ᠭᠦᠷᠡᠢ᠂ ᠨᠢᠭᠦᠯᠡᠰᠦᠩᠭᠦᠢ ᠰᠡᠳᠭᠢᠯ ᠢ ᠥᠵᠡᠭᠦᠯᠵᠤ᠂ ᠭᠦᠮᠦᠰ ᠢ ᠠᠶᠤᠵᠤ ᠡᠮᠢᠶᠡᠭᠦ᠂ ᠵᠤᠪᠠᠵᠤ ᠵᠥᠳᠡᠭᠦ ᠡᠴᠡ ᠠᠩᠭᠢᠵᠢᠷᠠᠭᠤᠯᠬᠤ ᠪᠣᠯᠤᠭᠰᠠᠨ ᠪᠠᠢ᠌ᠨ᠎ᠠ᠃ ᠡᠭᠦᠨ ᠤ ᠳᠤᠯᠠᠳᠠ ᠳᠠᠷᠠᠪᠠᠷ ᠣᠯᠠᠨ ᠳᠠᠩᠭ᠋ᠠᠷᠢᠭ ᠡᠷᠭᠦᠵᠤ᠂ ᠦᠪᠡᠷ ᠳᠤᠨᠢ ᠶᠠᠮᠠᠷ ᠴᠤ ᠭᠦᠡᠳᠤ ᠰᠦᠷᠤᠯ ᠲᠤᠬᠢᠶᠠᠯᠳᠤᠭᠰᠠᠨ ᠴᠤ ᠪᠣᠯᠤᠴᠠᠭ᠎ᠠ ᠲᠡᠶ ᠪᠦᠭᠦᠨ ᠢ ᠭᠢᠭᠦ ᠪᠠᠨ ᠠᠠᠳᠠᠭᠠᠢ᠌ᠯᠠᠵᠠᠢ᠃

《ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ᠂ ᠮᠢᠨᠤ ᠶ‍ᠢᠷᠳᠢᠠᠴᠤ ᠳᠤ ᠲᠦᠷᠦᠵᠤ ᠪᠣᠢ ᠭᠦᠮᠦᠰ ᠪᠣᠷᠬᠠᠨ ᠤ ᠬᠤᠳᠤᠭ ᠢ ᠣᠯᠵᠤ ᠴᠢᠳᠠᠬᠤ ᠦᠭᠡᠶ ᠪᠣᠶᠤ ᠭᠡᠭᠡᠷᠡᠭᠦ ᠦᠭᠡᠶ ᠪᠣᠯ ᠪᠢ ᠦᠪᠡᠷ ᠶᠢᠡᠨ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ᠂ ᠮᠢᠨᠤ ᠭᠡᠷᠡᠯ ᠭᠡᠭᠡ ᠭᠢᠵᠠᠭᠠᠷᠳᠠᠮᠠᠯ᠂ ᠶ‍ᠢᠷᠳᠢᠠᠴᠤ ᠶᠢᠨ ᠥᠡᠴᠦᠭ᠌ ᠪᠦᠯᠦᠡᠭ᠌ ᠪᠦᠷᠢ ᠳᠤ ᠭᠦᠷᠭᠦ ᠦᠭᠡᠶ ᠪᠣᠯ ᠪᠢ ᠦᠪᠡᠷ ᠶᠢᠡᠨ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ᠂ ᠮᠢᠨᠤ ᠠᠮᠢᠳᠤᠷᠠᠯ ᠭᠢᠵᠭᠠᠷᠳᠠᠮᠠᠯ᠂ ᠳᠤᠳᠤᠷᠬᠠᠢ ᠣᠨ ᠵᠢᠯ ᠳᠤ ᠪᠠᠭᠳᠠᠬᠤ ᠪᠠᠷ ᠪᠠᠢ᠌ᠪᠠᠯ ᠪᠢ ᠦᠪᠡᠷ ᠶᠢᠡᠨ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ ᠶ‍ᠢᠷᠳᠢᠠᠴᠤ ᠶᠢᠨ ᠪᠦᠭᠦ ᠠᠷᠪᠠᠨ ᠵᠥᠭ᠌ ᠤᠨ ᠣᠷᠤᠨ ᠤ ᠪᠣᠷᠬᠠᠤᠨ ᠮᠢᠨᠤ ᠨᠠᠷ᠎ᠠ ᠶᠢ ᠮᠠᠭᠳᠠᠨ ᠳᠠᠭᠤᠯᠠᠵᠤ ᠠᠯᠳᠠᠷᠰᠢᠭᠤᠯᠠᠬᠤ ᠦᠭᠡᠶ ᠪᠣᠯ ᠪᠢ ᠦᠪᠡᠷ ᠶᠢᠡᠨ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ ᠶ‍ᠢᠷᠳᠢᠠᠴᠤ ᠶᠢᠨ ᠪᠦᠭᠦ ᠠᠷᠪᠠᠨ ᠵᠥᠭ᠌ ᠤᠨ ᠣᠷᠤᠨ ᠤ ᠭᠦᠮᠦᠰ ᠮᠢᠨᠤ ᠰᠤᠷᠭᠠᠯ ᠳᠤ ᠭᠦᠨ ᠭᠦᠡᠵᠡᠭᠡᠢ ᠢᠳᠡᠭᠡᠨ ᠰᠥᠰᠦᠭᠯᠡᠵᠤ᠂ ᠮᠢᠨᠤ ᠶ‍ᠢᠷᠳᠢᠠᠴᠤ ᠳᠤ ᠡᠰᠡᠨᠢᠭᠦ ᠶᠢ ᠭᠦᠰᠡᠵᠤ᠂ ᠮᠢᠨᠤ ᠨᠠᠷ᠎ᠠ ᠶᠢ ᠠᠮᠠᠨ ᠳᠠᠭᠠᠨ ᠠᠷᠪᠠ ᠳᠠᠪᠳᠠᠵᠤ᠂ ᠳᠡᠭᠡᠵᠤ ᠴᠢᠳᠠᠬᠤ ᠦᠭᠡᠶ ᠪᠣᠯ ᠪᠢ ᠦᠪᠡᠷ ᠶᠢᠡᠨ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ ᠮᠢᠨᠤ ᠰᠤᠷᠭᠠᠯ ᠢ ᠳᠠᠭᠠᠬᠤ ᠪᠠᠷ ᠰᠠᠢᠤᠠᠨ ᠶ‍ᠢᠷᠳᠢᠠᠴᠤ ᠶᠢᠨ ᠪᠦᠭᠦ ᠠᠷᠪᠠᠨ ᠵᠥᠭ᠌ ᠤᠨ ᠣᠷᠤᠨ ᠤ ᠭᠦᠮᠦᠰ ᠣᠯᠠᠨ ᠪᠣᠶᠠᠨ ᠣᠢ᠌ᠯᠠᠳᠴᠤ᠂ ᠮᠢᠨᠤ ᠶ‍ᠢᠷᠳᠢᠠᠴᠤ ᠳᠤ ᠡᠰᠨᠢᠭᠦ ᠶᠢ ᠴᠢᠩ ᠰᠡᠳᠭᠢᠯ ᠡᠴᠡ ᠪᠠᠨ ᠭᠦᠰᠡᠭᠡᠳ ᠦᠭ‍ᠭᠦ ᠳᠤ ᠨᠢ ᠪᠢ ᠠᠭᠤᠤ ᠶᠡᠭᠡ ᠪᠣᠳ᠋ᠳ᠋ᡁᠨ ᠶᠢᠨ ᠨᠠᠷᠠᠨ ᠤ ᠬᠠᠮᠳᠤ ᠳᠠᠳᠠᠨ ᠤ ᠡᠮᠦᠨ᠎ᠡ ᠳᠤᠳᠤᠷᠠᠨ ᠭᠠᠷᠴᠤ ᠢᠷᠡᠭᠦ ᠦᠭᠡᠶ ᠶᠤᠮ ᠪᠣᠯ ᠪᠢ ᠦᠪᠡᠷ ᠶᠢᠡᠨ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ ᠶ‍ᠢᠷᠳᠢᠠᠴᠤ ᠶᠢᠨ ᠪᠦᠭᠦ ᠠᠷᠪᠠᠨ ᠵᠥᠭ᠌ ᠤᠨ ᠣᠷᠤᠨ ᠤ ᠭᠦᠮᠦᠰ ᠮᠢᠨᠤ ᠳᠤᠬᠠᠢ ᠮᠡᠳᠡᠭᠡᠳ ᠮᠢᠨᠤ ᠶ‍ᠢᠷᠳᠢᠠᠴᠤ ᠶᠢᠨ ᠳᠤᠬᠠᠢ ᠮᠥᠷᠦᠭᠡᠳᠴᠤ᠂ ᠳᠠᠳᠠ ᠡᠰᠡᠨᠢᠭᠦ ᠶᠢ ᠴᠢᠩ ᠵᠢᠷᠦᠭᠡᠨ ᠡᠴᠡ ᠪᠠᠨ ᠭᠦᠰᠡᠨ ᠪᠣᠷᠬᠠᠨ ᠤ ᠦᠷ᠎ᠡ ᠶᠢ ᠳᠠᠷᠢᠪᠠᠴᠤ ᠳᠡᠭᠡᠵᠤ ᠴᠢᠳᠠᠬᠤ ᠦᠭᠡᠶ ᠪᠣᠯ ᠪᠢ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ ᠮᠢᠨᠤ ᠶ‍ᠢᠷᠳᠢᠠᠴᠤ ᠳᠤ ᠲᠦᠷᠦᠯ ᠣᠯᠤᠭᠰᠠᠨ ᠭᠡᠨ ᠴᠤ ᠭᠡᠰᠡᠨ ᠪᠣᠷᠬᠠᠨ ᠪᠠᠭᠰᠢ ᠪᠣᠯᠵᠤ ᠪᠣᠰᠤᠳ ᠭᠦᠮᠦᠰ ᠢ ᠰᠤᠷᠭᠠᠵᠤ᠂ ᠳᠠᠳᠠᠨ ᠢ ᠭᠡᠭᠡᠷᠡᠯ᠂ ᠶᠡᠭᠡ ᠨᠢᠭᠦᠯᠡᠰᠦᠩᠭᠦᠢ ᠰᠡᠳᠭᠢᠯ ᠪᠣᠶᠠᠨ ᠣᠷᠤᠭᠤ ᠵᠠᠯᠠᠵᠤ ᠴᠢᠳᠠᠬᠤ ᠦᠭᠡᠶ ᠶᠤᠮ ᠪᠣᠯ ᠪᠢ ᠦᠪᠡᠷ ᠶᠢᠡᠨ ᠭᠡᠭᠡᠷᠡᠭᠦ ᠦᠭᠡᠶ᠃

ᠭᠡᠳᠦᠢ ᠪᠠᠷ ᠪᠢ ᠪᠣᠷᠬᠠᠨ ᠪᠠᠭᠰᠢ ᠪᠣᠯᠬᠤ ᠪᠣᠯᠪᠠᠴᠤ᠂ ᠮᠢᠨᠤ ᠭᠡᠷᠡᠯ ᠭᠡᠭᠡ ᠭᠡᠢ᠌ᠭ᠍ᠰᠡᠨ ᠶ‍ᠢᠷᠳᠢᠠᠴᠤ ᠶᠢᠨ ᠪᠦᠭᠦ ᠠᠷᠪᠠᠨ ᠵᠥᠭ᠌ ᠤᠨ ᠣᠷᠤᠨ ᠤ ᠭᠦᠮᠦᠰ ᠪᠠᠶ᠎ᠠ ᠰᠡᠳᠭᠢᠯ ᠶᠢᠡᠨ ᠡᠰᠡ ᠳᠠᠢ᠌ᠪᠣᠰᠢᠷᠠᠵᠤ᠂ ᠡᠨᠡ ᠶ‍ᠢᠷᠳᠢᠠᠴᠤ ᠳᠤ ᠪᠣᠰᠤᠳ ᠡᠴᠡ ᠢᠯᠡᠭᠦᠤ ᠪᠣᠯᠬᠤ ᠶᠢᠨ ᠭᠦᠰᠡᠯ ᠶᠢᠡᠷ ᠪᠠᠳᠠᠷᠠᠬᠤ ᠦᠭᠡᠶ ᠶᠤᠮ ᠪᠣᠯ ᠪᠢ ᠦᠪᠡᠷ ᠶᠢᠡᠨ ᠭᠡᠭᠡᠷᠡᠭᠦ ᠦᠭᠡᠶ᠃

ᠪᠢ ᠭᠡᠳᠦᠢ ᠪᠠᠷ ᠪᠣᠷᠬᠠᠨ ᠪᠠᠭᠰᠢ ᠪᠣᠯᠪᠠᠴᠤ᠂ ᠶ‍ᠢᠷᠳᠢᠠᠴᠤ ᠶᠢᠨ ᠪᠦᠭᠦ ᠠᠷᠪᠠᠨ ᠵᠥᠭ᠌ ᠤᠨ ᠣᠷᠤᠨ ᠤ ᠭᠦᠮᠦᠰ ᠨᠠᠮᠢ᠋ᠢ ᠳᠠᠨᠢᠵᠤ ᠮᠡᠳᠡᠭᠡᠳ ᠠᠮᠢᠳᠤᠷᠠᠯ᠂ ᠨᠠᠷᠢᠨ ᠦᠨᠡᠨ ᠢ ᠡᠰᠡ ᠣᠬᠠᠭᠠᠷᠠᠵᠤ᠂ ᠭᠦᠨ ᠶᠡᠭᠡ ᠣᠶᠤᠨ ᠣᠬᠠᠭᠠᠨ ᠢ ᠡᠰᠡ ᠣᠯᠪᠠᠯ ᠪᠢ ᠦᠪᠡᠷ ᠶᠢᠡᠨ ᠭᠡᠭᠡᠷᠡᠭᠦ ᠦᠭᠡᠶ᠃

ᠪᠢ ᠡᠳᠡᠭᠡᠷ ᠳᠠᠩᠭ᠋ᠠᠷᠢᠭ ᠢ ᠡᠷᠭᠦᠵᠤ ᠪᠠᠢ᠌ᠨ᠎ᠠ᠃ ᠭᠡᠷᠪᠡ ᠮᠢᠨᠤ ᠡᠨᠡ ᠪᠦᠭᠦ ᠭᠦᠰᠡᠯ ᠡᠰᠡ ᠪᠠᠶᠠᠯᠠᠪᠠᠰᠤ ᠪᠢ ᠦᠪᠡᠷ ᠶᠢᠡᠨ ᠭᠡᠭᠡᠷᠡᠭᠦ ᠦᠭᠡᠶ᠃ ᠪᠢ ᠪᠠᠶ᠎ᠠ ᠪᠠᠷ ᠶᠢᠡᠨ ᠰᠢᠪᠬᠠᠭᠳᠠᠰᠢ ᠦᠭᠡᠶ ᠭᠡᠷᠡᠯ ᠭᠡᠭᠡ ᠶᠢᠨ ᠪᠣᠯᠠᠭ ᠪᠣᠯᠵᠤ᠂ ᠠᠷᠪᠠᠨ ᠵᠥᠭ᠌ ᠤᠨ ᠪᠦᠭᠦ ᠣᠷᠤᠨ ᠢ ᠭᠡᠢ᠌ᠭᠦᠯᠤᠨ ᠭᠡᠷᠡᠯᠳᠦᠭᠦᠯᠵᠤ ᠭᠦᠮᠦᠰ ᠢ ᠳᠦᠭᠡᠷᠢᠭ᠍ᠳᠡᠯ ᠡᠴᠡ ᠠᠩᠭᠢᠵᠢᠷᠠᠭᠤᠯᠵᠤ᠂ ᠭᠦᠮᠦᠰ ᠲᠤ ᠰᠤᠷᠭᠠᠯ ᠤᠨ ᠰᠠᠩ ᠨᠡᠭᠡᠭᠡᠵᠤ᠂ ᠭᠠᠵᠠᠷ ᠰᠠᠢ ᠦᠭᠡᠶ ᠪᠣᠶᠠᠨ ᠦᠢᠯᠡᠳᠬᠦ ᠪᠣᠯᠤᠨ᠎ᠠ》 (1) ᠭᠡᠵᠡᠢ᠃

ᠪᠠᠯᠠᠷ ᠡᠷᠳᠡᠨ ᠤ ᠨᠡᠢ᠌ᠭᠡᠮ ᠳᠤ ᠪᠣᠢ ᠪᠣᠯᠤᠭᠰᠠᠨ ᠪᠣᠷᠬᠠᠨ ᠰᠠᠭᠢᠭᠤᠯᠰᠤᠨ ᠨᠢ ᠦᠨᠡᠨ ᠳᠡᠭᠡᠨ ᠠᠷᠠᠤᠨ ᠲᠦᠮᠡᠨ ᠤ ᠠᠰᠢᠭ ᠳᠤᠰᠠ ᠶᠢᠨ ᠳᠦᠯᠦᠭᠡ ᠵᠢᠦᠡᠭᠦᠭ᠍ᠰᠡᠨ ᠥᠨᠡᠩᠭᠦ ᠵᠢᠦᠡᠭᠦᠯᠳᠡᠨ ᠪᠣᠯᠤᠨ᠎ᠠ᠃ ᠡᠢ᠌ᠮᠦᠷᠭᠦ ᠪᠣᠷᠬᠠᠨ ᠬᠤᠪᠢᠯᠭᠠᠨ ᠨᠢ ᠬᠠᠷᠠᠬᠠᠨ ᠪᠠᠯᠠᠷ ᠡᠷᠳᠡᠨ ᠤ ᠦᠶ᠎ᠡ ᠶᠢᠨ ᠭᠦᠳᠡᠯᠮᠦᠷᠢᠴᠢ ᠪᠠᠭᠠᠳᠤᠷ ᠤᠨ ᠪᠦᠷᠢᠯᠸ᠎ᠡ᠂ ᠠᠷᠠᠤᠨ ᠲᠦᠮᠡᠨ ᠤ ᠭᠦᠰᠡᠯᠡᠩ ᠤᠨ ᠳᠦᠷᠢ ᠶᠤᠮ᠃ ᠮᠠᠺᠰᠢᠮ ᠭᠤᠷᠺᠢ ᠶᠢᠨ ᠭᠡᠯᠡᠭ᠍ᠰᠡᠨ ᠮᠠᠳᠤ᠄ 《ᠪᠠᠯᠠᠷ ᠡᠷᠳᠡᠨ ᠤ ᠭᠦᠮᠦᠰ ᠤᠨ ᠣᠢ᠌ᠯᠠᠭᠠᠭᠳᠠᠬᠤᠨ ᠳᠤ ᠪᠣᠷᠬᠠᠨ ᠰᠠᠭᠢᠭᠤᠯᠰᠤᠨ ᠨᠢ ᠶᠠᠮᠠᠷ ᠨᠢᠭᠡᠨ ᠵᠣᠢ᠌ᠯ ᠤᠨ ᠭᠡᠢ᠌ᠰᠪᠦᠷᠢ ᠣᠬᠠᠭᠳᠠᠬᠤᠨ ᠪᠣᠶᠤ ᠭᠡᠢ ᠪᠣᠳᠤᠯ ᠤᠨ ᠶᠠᠭᠤᠮ᠎ᠠ ᠪᠢᠰᠢ᠂ ᠬᠠᠷᠢᠨ ᠶᠠᠮᠠᠷ ᠨᠢᠭᠡᠨ ᠲᠦᠷᠦᠯ ᠤᠨ ᠭᠦᠳᠡᠯᠮᠦᠷᠢ ᠶᠢᠨ ᠪᠠᠭᠠᠵᠢ ᠭᠡᠷᠡᠭ᠍ᠰᠡᠯ ᠶᠢᠡᠷ ᠵᠡᠪᠰᠡᠭᠯᠡᠵᠤ ᠪᠦᠭᠦᠢ ᠲᠤᠩ ᠦᠨᠡᠨ ᠪᠣᠳᠠᠳᠠᠢ ᠭᠦᠮᠤᠨ ᠪᠠᠢ᠌ᠳᠠᠭ᠃ ᠪᠣᠷᠬᠠᠨ ᠰᠠᠭᠢᠭᠤᠯᠰᠤᠨ ᠨᠢ ᠴᠦᠮ ᠶᠠᠮᠠᠷ ᠨᠢᠭᠡᠨ ᠮᠡᠷᠭᠡᠵᠢᠯ ᠤᠨ ᠴᠢᠳᠠᠪᠣᠷᠢᠳᠠᠨ ᠮᠦᠨ᠂ ᠭᠦᠮᠦᠰ ᠤᠨ ᠪᠠᠭᠰᠢ ᠪᠦᠭᠡᠳ ᠬᠠᠨᠢ ᠬᠠᠮᠰᠠᠭᠠᠳᠠᠨ ᠪᠣᠯᠤᠨ᠎ᠠ》 (2)᠃ ᠭᠡᠪᠠᠴᠤ ᠨᠤᠶᠠᠷᠬᠠᠴᠢᠳ᠂ ᠡᠷᠳᠡᠨ ᠤ ᠳᠤᠮᠤᠭ ᠶᠠᠷᠢᠶ᠎ᠠ ᠪᠣᠯᠤᠨ ᠱᠠᠰᠢᠨ ᠢ ᠠᠰᠢᠭᠯᠠᠨ ᠮᠤᠬᠤᠷ ᠪᠢᠰᠢᠷᠠᠯ ᠶᠢᠡᠷ ᠠᠷᠠᠤᠨ ᠣᠯᠠᠨ ᠢ ᠮᠤᠩᠬᠠᠷᠠᠭᠤᠯᠤᠨ ᠨᠤᠶᠠᠷᠬᠠᠵᠤ ᠪᠠᠢ᠌ᠭᠰᠠᠨ ᠢ ᠣᠠᠴᠠᠭᠠᠢ ᠳᠤᠷᠠᠳᠬᠤ ᠴᠢᠬᠤᠯᠠ ᠲᠡᠶ᠂ ᠡᠷᠳᠡᠨ ᠤ ᠳᠤᠮᠤᠭ ᠶᠠᠷᠢᠶ᠎ᠠ ᠰᠢᠳᠢᠳᠤ ᠥᠯᠢᠭᠡᠷ ᠢ ᠰᠤᠳᠤᠯᠬᠤ ᠳᠠᠭᠠᠨ ᠡᠭᠦᠨ ᠢ ᠣᠠᠴᠠ ᠠᠩᠬᠠᠷᠠᠬᠤ ᠭᠡᠷᠡᠭ᠍ᠳᠡᠢ᠃ ᠰᠢᠭᠦᠮᠵᠢᠯᠡᠯ ᠲᠡᠶ ᠰᠠᠯᠭᠠᠨ ᠬᠠᠠᠳᠤᠬᠤ ᠭᠡᠷᠡᠭ᠍ᠳᠡᠢ᠃


(1) 《ᠱᠠᠰᠢᠨ ᠤ ᠳᠤᠮᠤᠭ ᠥᠯᠢᠭᠡᠷ ᠤᠳ》

(2) 《ᠵᠦᠪᠯᠠᠯᠳᠤ ᠶᠢᠨ ᠠᠷᠠᠤᠨ ᠤᠨ ᠠᠮᠠᠨ ᠵᠤᠬᠢᠶᠠᠯ ᠤᠨ ᠳᠡᠭᠦᠪᠦᠷᠢ》 1958 ᠣᠨ ᠤ ᠭᠢᠳᠠᠤᠨ ᠭᠡᠪᠯᠡᠯ 94 ᠳ᠋ᠦᠭᠡᠷ ᠨᠢᠭᠤᠷ

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 6975
ᠴᠠᠭ᠄ 2008 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ