ᠣᠳᠦᠷ ᠤᠨ ᠰᠦᠨᠢ ᠪᠠ ᠠᠩᠬᠠᠨ ᠤ ᠡᠮᠵᠡᠭᠯᠡᠯ

ᠡᠷ᠎ᠡ ᠬᠠᠩᠭ᠋ᠠᠯ ᠪᠠᠶ᠎ᠠ ᠶᠢᠨ ᠮᠢᠨᠢ

ᠡᠷᠭᠢᠯᠳᠡ ᠶᠢᠨ ᠴᠢᠭ᠌ ᠪᠣᠯᠤᠭᠰᠠᠨ

ᠡᠷᠭᠡ ᠬᠤᠩᠭ᠋ᠤᠷ ᠦᠬᠢᠨ ᠤ

ᠠᠯᠢᠶᠠᠬᠠᠨ ᠢᠨᠢᠶᠡᠮᠰᠦᠭᠯᠡᠯ ᠪᠢᠯᠬᠠᠭᠰᠠᠨ

ᠠᠷᠪᠠᠨ ᠨᠢ᠋ᠮᠠᠳᠤ ᠶᠢᠨ ᠤᠳᠦᠷ ᠤᠨ ᠰᠦᠨᠢ

ᠠᠷᠭ᠎ᠠ ᠦᠭᠡᠶ ᠨᠠᠳᠠ ᠳᠤ ᠳᠤᠷᠠᠳᠬᠠᠯ ᠪᠣᠯᠤᠭᠰᠠᠨ ᠶᠤᠮ᠃

ᠰᠠᠷᠠᠨ ᠤ ᠭᠡᠷᠡᠯ ᠨᠥᠮᠦᠷᠡᠩᠭᠡᠨ

ᠰᠡᠯᠡᠭᠦᠴᠡᠵᠤ ᠶᠠᠪᠣᠭᠰᠠᠨ ᠦᠳᠡᠰᠢ

ᠰᠠᠢ᠌ᠬᠠᠨ ᠬᠤᠶᠠᠷ ᠨᠢᠳᠤᠨ ᠤ ᠭᠢᠨᠢ

ᠰᠤᠷᠮᠤᠰᠤ ᠶᠢ ᠥᠨᠦᠷᠯᠡᠭ᠍ᠰᠡᠨ ᠣᠷᠤᠢ

ᠭᠥ ᠬᠠᠷᠬᠠᠨ ᠭᠡᠵᠢᠭᠡᠨ ᠳ᠋ᠤᠨᠢ

ᠳᠤᠷᠠᠯᠠᠯ ᠮᠢᠨᠢ ᠭᠦᠪᠦᠷᠡᠯ᠎ᠡ

ᠭᠦᠪᠦᠩ ᠵᠥᠭᠡᠯᠡᠨ ᠣᠷᠤᠭᠤᠯ ᠳ᠋ᠤᠨᠢ

ᠢᠨᠠᠭ ᠮᠢᠨᠢ ᠨᠤᠴᠤᠯ᠎ᠠ

ᠣᠰᠬᠠᠯ ᠲᠦᠯᠭᠡᠨ ᠠᠭᠠᠯᠢᠨ ᠳ᠋ᠤᠨᠢ

ᠬᠠᠢ᠌ᠷ᠎ᠠ ᠮᠢᠨᠢ ᠠᠰᠠᠯ᠎ᠠ

ᠣᠶᠠᠬᠠᠨ ᠬᠤᠩᠭ᠋ᠤᠷ ᠬᠠᠨᠢᠯᠠᠯ ᠳ᠋ᠤᠨᠢ

ᠵᠠᠶᠠᠭ᠎ᠠ ᠮᠢᠨᠢ ᠪᠠᠶᠠᠰᠤᠯ᠎ᠠ

ᠣᠯᠤᠰ ᠡᠴᠡ ᠳᠠᠯᠳᠠ ᠣᠳᠤᠳ ᠡᠴᠡ ᠢᠯᠠ

ᠢᠨᠠᠭᠯᠠᠵᠤ ᠶᠠᠪᠣᠭᠰᠠᠨ ᠮᠦᠴᠡᠰ ᠬᠠᠢ᠌ᠷᠠᠯᠠᠯᠳᠠᠢ

ᠠᠢ᠌ᠯ ᠤᠨ ᠳᠠᠷᠠ ᠨᠢᠭᠡ ᠦᠬᠢᠨ ᠳᠠᠢ

ᠪᠣᠯᠵᠤᠵᠤ ᠶᠠᠪᠣᠭᠰᠠᠨ ᠠᠮᠢᠳᠤᠷᠠᠯ ᠵᠢᠷᠭᠠᠯᠳᠠᠢ

ᠢᠨᠠᠭ ᠬᠠᠯᠠᠭᠤᠨ ᠣᠳᠤᠷ ᠤᠨ ᠰᠦᠨᠢ

ᠣᠯᠠᠨ ᠯᠠ ᠪᠠᠢ᠌ᠭᠰᠠᠨ ᠶᠤᠮ

ᠡᠷᠭᠢᠯᠳᠤᠨ ᠣᠨᠠᠬᠤ ᠨᠠᠪᠴᠢᠰ ᠰᠢᠭ

ᠵᠤᠯᠭᠠᠷᠠᠬᠤ ᠶᠢ ᠶᠠᠭᠠᠭᠢᠨ᠎ᠠ

ᠠᠮᠠᠷᠠᠭ ᠶᠠᠪᠣᠭᠰᠠᠨ ᠬᠤᠨᠤᠭ ᠤᠳ ᠶᠢᠡᠨ

ᠥᠭᠡᠢ᠌ᠯᠡᠵᠤ ᠨᠢᠭᠡ ᠰᠠᠨᠠᠬᠤ ᠳ᠋ᠤ

ᠠᠷᠪᠠᠨ ᠨᠢ᠋ᠮᠠᠳᠤ ᠶᠢᠨ

ᠣᠳᠤᠷ ᠤᠨ ᠰᠦᠨᠢ

ᠣᠩᠭ᠋ᠤᠨ ᠬᠠᠢ᠌ᠷ᠎ᠠ ᠶᠢᠨ ᠮᠢᠨᠢ

ᠡᠮᠵᠡᠭᠯᠡᠯ ᠪᠠᠢ᠌ᠯ᠎ᠠ᠃


2000.2.7 〈ᠬᠠᠢ᠌ᠯᠠᠰᠤᠨ᠎ᠠ〉


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠤᠳᠠ ᠶᠢᠨ ᠬᠤᠧᠨ ᠰᠢᠶᠠ ᠠᠵᠢᠯ ᠮᠡᠷᠭᠡᠵᠢᠯ ᠤᠨ ᠰᠤᠷᠭᠠᠭᠤᠯᠢ

ᠵᠤᠬᠢᠶᠠᠭᠴᠢ᠄ ᠪᠠᠳᠤᠰᠠᠴᠠᠨ
ᠬᠠᠷᠢᠶ᠎ᠠ᠄ ᠰᠢᠯᠦᠭ
ᠳᠠᠷᠤᠮ᠄ 2060
ᠴᠠᠭ᠄ 2010 ᠤᠨ ᠤ 09 ᠰᠠᠷ᠎ᠠ ᠶᠢᠨ 08