ᠠᠵᠠ ᠭᠡᠯᠪᠠᠢ᠌ᠭ᠍ᠰᠡᠨ ᠵᠠᠶᠠᠭ᠎ᠠ
᠊᠊᠊᠊᠊᠊᠊᠊᠊᠊᠊᠊᠊᠊᠊ ᠨᠠᠢ᠌ᠵᠠ ᠶᠢᠨ ᠭᠡᠷᠭᠡᠢ ᠶᠢᠨ ᠵᠠᠭᠤᠷᠮᠠᠭ ᠵᠠᠶᠠᠭ᠎ᠠ ᠳ᠋ᠤ

ᠣᠷᠴᠢᠵᠤ ᠬᠤᠪᠢᠷᠠᠬᠤ ᠬᠤᠷᠸ᠎ᠠ ᠶᠢᠨ ᠣᠯᠤᠮ ᠦᠭᠡᠶ ᠭᠡᠳᠦᠯᠦᠯ ᠵᠢᠠᠷ

ᠣᠨ ᠣᠨ ᠶᠢᠡᠷ ᠨᠥᠭ᠍ᠴᠢᠭᠡᠵᠤ ᠡᠭᠡᠯ ᠪᠠᠶ᠎ᠠ ᠶᠡᠭᠦᠳᠭᠦ ᠳᠤ ᠪᠠᠨ

ᠣᠯᠳᠠᠵᠤ ᠠᠯᠳᠠᠬᠤ ᠶᠢᠨ ᠳᠡᠷᠡᠭᠡᠨ ᠮᠦᠴᠡ ᠳᠤ ᠣᠠᠴᠠ ᠳᠤᠷᠠᠰᠤᠭᠳᠠᠬᠤ

ᠣᠤᠭᠠᠨ ᠬᠠᠢ᠌ᠷ᠎ᠠ ᠦᠨᠡᠠᠴᠢ ᠰᠡᠳᠭᠢᠯ ᠡᠷᠭᠢᠮ ᠡᠴᠠ ᠡᠷᠭᠢᠮ᠃


ᠡᠭᠡ ᠪᠠᠨ ᠥᠭᠡᠢ᠌ᠯᠡᠭ᠍ᠰᠡᠨ ᠦᠨᠦᠴᠢᠨ ᠪᠣᠳᠤᠭᠤ ᠡ᠊ᠩᠰᠡᠷᠡᠯ ᠶᠢᠡᠷ ᠪᠣᠢ᠌ᠯᠠᠨᠠᠮ

ᠡᠭᠡᠨᠡᠷ ᠶᠢᠡᠨ ᠰᠠᠨᠠᠭᠠᠯᠵᠠᠭᠰᠠᠨ ᠬᠠᠳᠠᠭᠤ ᠡᠷ᠎ᠡ ᠪᠢᠳᠡᠭᠦᠤ ᠳᠤ ᠪᠠᠨ ᠬᠠᠢ᠌ᠯᠠᠨᠠᠮ

ᠡᠨᠡᠭᠡᠨ ᠳᠡᠯᠡᠭᠡᠢ ᠵᠠᠶᠠᠭ᠎ᠠ ᠵᠠᠳᠠᠷᠠᠵᠤ ᠵᠠᠭᠤᠷᠠᠳᠤ ᠶᠢᠨ ᠰᠦᠨᠠᠰᠤ ᠠᠶᠠᠷᠯᠠᠨᠠᠮ

ᠡᠷᠭᠢᠭᠦ ᠳᠠᠪᠢᠯᠠᠩ ᠪᠦᠳᠤᠨ ᠪᠦᠯᠢ ᠬᠠᠮᠳᠤ ᠮᠥᠩᠭᠡ ᠵᠢᠷᠭᠠᠭᠠᠰᠠᠢ ︕


ᠶᠠᠪᠣᠬᠤ ᠶᠢᠨ ᠳᠤᠭᠠᠯᠠᠩ ᠶᠢᠡᠷ ᠶᠠᠪᠣᠬᠤ ᠭᠦᠮᠤᠨ ᠵᠢᠷᠭᠠᠵᠤ ᠠᠮᠠᠷᠠᠨ᠎ᠠ

ᠳᠤᠷᠠᠰᠬᠤ ᠶᠢᠨ ᠦᠵᠦᠭᠦᠷ ᠳᠤᠷᠠᠰᠬᠤ ᠭᠦᠮᠤᠨ ᠰᠡᠳᠭᠢᠯ ᠡᠮᠳᠡᠷᠡᠨ᠎ᠡ

ᠶᠠᠪᠣᠭᠤᠯ ᠳᠡᠨᠦᠭᠦᠯᠴᠢ ᠵᠠᠢ᠌ᠳᠠᠩᠴᠢ ᠭᠦᠮᠤᠨ ᠠᠮᠢᠳᠤᠷᠠᠯ ᠤᠨ ᠡᠷᠭᠡ ᠪᠠᠷ

ᠳᠤᠷᠠᠯᠠᠯ ᠬᠠᠢ᠌ᠷ᠎ᠠ ᠶᠢᠨ ᠳᠤᠮᠳᠠᠭᠤᠷ ᠳᠡᠭᠦᠰᠭᠡᠯ ᠳᠤ ᠬᠤᠭᠤᠰᠤᠳᠠᠵᠤ ᠶᠠᠪᠣᠨ᠎ᠠ᠃


ᠬᠤᠴᠤᠷᠴᠤ ᠦᠯᠡᠳᠡᠭᠦ ᠰᠢᠠᠳᠠᠰᠤᠳᠤ ᠡᠷ᠎ᠡ ᠶᠢᠨ ᠵᠢᠪᠬᠤᠭᠠᠳᠤ ᠵᠤᠯᠪᠣᠭ᠎ᠠ

ᠬᠣᠢ᠌ᠴᠢ ᠶᠢ ᠵᠠᠯᠭᠠᠮᠵᠢᠯᠠᠬᠤ ᠦᠷ᠎ᠡ ᠭᠦᠤ ᠶᠢᠨ ᠦᠨᠦᠴᠢᠨ ᠳᠦᠰᠢᠭ᠌

ᠬᠤᠪᠳᠤᠯ ᠵᠢᠷᠦᠭᠡ ᠴᠢᠰᠤ ᠰᠤᠳᠠᠯ ᠪᠦᠭᠦᠨ ᠶᠢᠡᠨ ᠡᠷᠴᠢᠮᠯᠡᠭ᠍ᠰᠡᠨ ᠬᠠᠷᠢᠭᠤ

ᠬᠤᠶᠠᠷᠳᠠᠯ ᠦᠭᠡᠶ ᠪᠣᠳᠤᠯ ᠶᠢᠡᠷ ᠮᠠᠬᠠᠷᠠᠵᠤ ᠬᠣᠢ᠌ᠰᠢᠳᠠ ᠶᠢᠨ ᠵᠢᠷᠭᠠᠯ ᠡᠳ᠋ᠯᠡᠭᠡᠰᠡᠢ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1600
ᠴᠠᠭ᠄ 2013 ᠤᠨ ᠤ 03 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ