ᠨᠤᠳᠤᠭ ᠤᠨ ᠨᠤᠭᠤᠭᠠᠨ ᠬᠠᠢ᠌ᠷ᠎ᠠ

ᠣᠢ ᠶᠢᠨ ᠵᠢᠠᠭᠠᠭᠨ ᠠᠯᠠᠭ ᠪᠣᠯᠵᠤᠮᠤᠷ

ᠵᠢᠷᠭᠢᠶᠠᠨ ᠨᠢ ᠰᠡᠳᠭᠢᠯ ᠳᠤ ᠰᠠᠪᠠᠯᠵᠠᠨ ᠢᠷᠠᠨ᠎ᠡ

ᠣᠷᠤᠳᠠᠭ ᠪᠣᠷᠤᠭᠠᠨ ᠤ ᠬᠤᠸᠠᠷᠯᠠᠬᠤ ᠵᠥᠰᠡᠷᠭᠡᠨ

ᠰᠠᠨᠠᠭᠠᠨ ᠳᠤ ᠴᠠᠯᠭᠢᠵᠤ ᠭᠦᠭᠡᠷᠴᠤ ᠢᠷᠠᠨ᠎ᠡ


ᠨᠠᠷᠠᠨ ᠤ ᠠᠯᠳᠠᠨ ᠭᠦᠰᠡᠭᠦᠢᠴᠢ ᠭᠡᠷᠡᠯ

ᠨᠠᠢ᠌ᠷ ᠨᠢ ᠳᠡᠯᠭᠡᠷᠡᠵᠤ ᠮᠦᠰᠢᠶᠠᠵᠤ ᠢᠷᠠᠨ᠎ᠡ

ᠨᠠᠭᠠᠳᠤ ᠳᠠᠯ᠎ᠠ ᠶᠢᠨ ᠳᠠᠯ᠎ᠠ ᠶᠢᠨ ᠡᠪᠠᠰᠤ

ᠨᠠᠮᠢᠷᠭᠠᠨ ᠨᠢ ᠠᠭᠠᠭᠰᠢᠵᠤ ᠪᠦᠵᠢᠵᠤ ᠢᠷᠠᠨ᠎ᠡ


ᠰᠠᠷᠠᠨ ᠤ ᠽᠠᠠᠳᠠᠨ ᠠᠯᠮᠠᠩ ᠭᠡᠷᠡᠯ

ᠰᠠᠯᠭᠠᠠᠳᠠᠢ ᠮᠤᠳᠤᠨ ᠳᠤ ᠬᠠᠶᠠ ᠮᠠᠯᠠᠷᠠᠵᠤ ᠢᠷᠠᠨ᠎ᠡ

ᠰᠠᠢ᠌ᠬᠠᠨ ᠮᠤᠩᠭ᠋ᠤᠯ ᠡᠪᠦᠷ ᠨᠤᠳᠤᠭ

ᠰᠠᠨᠠᠭ᠎ᠠ ᠰᠡᠳᠭᠢᠯ ᠳᠤ ᠬᠠᠶᠠ ᠮᠠᠨᠠᠠᠳᠠᠵᠤ ᠢᠷᠠᠨ᠎ᠡ


ᠠᠯᠳᠠᠭᠠᠨ᠎ᠠ ᠶᠢᠨ ᠮᠦᠴᠢᠷ ᠭᠠᠵᠠᠷ ᠡᠯᠢᠭᠡᠳᠡᠨ

ᠠᠨᠢᠷ ᠨᠢ ᠬᠠᠯᠠᠭᠤᠨ ᠠᠮᠢᠰᠬᠤᠳᠠᠨ ᠵᠢᠷᠭᠢᠵᠤ ᠢᠷᠠᠨ᠎ᠡ

ᠠᠯᠠᠭ᠎ᠠ ᠳᠠᠷᠤᠮ᠎ᠠ ᠬᠠᠯᠠᠭᠤᠨ ᠰᠢᠷᠤᠢ ᠳᠠᠪᠠᠷᠢᠯᠴᠠᠨ

ᠠᠮᠤᠭᠤᠯᠠᠩ ᠨᠠᠪᠴᠢᠰ ᠨᠠᠮᠤᠷ ᠲᠤ ᠪᠠᠨ ᠳᠦᠭᠡᠷᠢᠵᠤ ᠢᠷᠠᠨ᠎ᠡ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1908
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ