ᠵᠡᠭᠦᠳᠤᠨ ᠳᠤ ᠮᠢᠨᠢ ᠡᠷᠢᠭ᠍ᠳᠡᠭᠡᠳ ᠪᠠᠢ᠌ᠬᠤ ᠶᠤᠮ

ᠳᠡᠭ᠍ᠷᠢ ᠶᠢᠨ ᠴᠡᠩᠭᠡᠷ ᠬᠠᠶᠠᠭ᠎ᠠ ᠶᠢ ᠳᠡᠯᠡᠭ᠍ᠰᠡᠨ

ᠳᠡᠷᠭᠡᠯ ᠰᠠᠷᠠᠨ ᠤ ᠮᠢᠨᠢ ᠳᠤᠷᠭᠠᠨ ᠪᠠᠭᠤᠴᠠ

ᠳᠡᠭ᠍ᠷᠢ ᠶᠢᠨ ᠡᠡᠭ᠌ ᠦᠭᠡᠶ ᠳᠠᠯ᠎ᠠ ᠡᠴᠡ

ᠳᠤᠷᠠᠰᠴᠤ ᠶᠠᠪᠣᠭᠰᠠᠨ ᠰᠡᠳᠭᠢᠯ ᠮᠢᠨᠢ

ᠳᠠᠯ᠎ᠠ ᠰᠢᠭ ᠠᠭᠤᠵᠢᠮ ᠴᠡᠭᠡᠵᠢ ᠳᠠᠢ

ᠳᠠᠩᠭᠢᠰ ᠰᠢᠭ ᠨᠢᠩᠵᠢᠨ ᠰᠡᠳᠭᠢᠯ ᠳᠠᠢ

ᠳᠡᠩᠳᠡᠭᠦᠤ ᠰᠠᠨᠠᠭᠰᠠᠨ ᠴᠢᠮ᠎ᠠ ᠳᠠᠭᠠᠨ

ᠳᠠᠯ᠎ᠠ ᠶᠢᠨ ᠵᠢᠷᠦᠭᠡᠨ ᠡᠴᠡ ᠣᠷᠭᠤᠭᠰᠠᠨ

ᠳᠠᠷᠠᠭ ᠠᠢ᠌ᠷᠠᠭ ᠤᠨ ᠦᠨᠦᠷ ᠳᠠᠢ

ᠳᠠᠨ᠎ᠠ ᠰᠤᠪᠣᠤᠨ ᠰᠢᠭ ᠭᠦᠭᠡ ᠰᠢᠯᠦᠭ᠌ ᠵᠢᠠᠨ

ᠰᠠᠷᠠᠭᠤᠯ ᠣᠬᠠᠭᠠᠨ ᠤ ᠪᠠᠯᠭᠡᠳᠡᠯ

ᠰᠠᠮᠪᠠᠢ ᠬᠠᠳᠠᠭ ᠲᠡᠶ ᠪᠠᠨ ᠡᠷᠭᠦᠨ ᠪᠠᠢ᠌ᠨ᠎ᠠ

ᠵᠤ᠋ ᠨᠠᠷᠠᠨ ᠤ ᠢᠯᠴᠢ ᠶᠢ ᠭᠦᠷᠳᠡᠭ᠍ᠰᠡᠨ

ᠵᠢᠷᠭᠤᠭᠠᠨ ᠰᠠᠷ᠎ᠠ ᠳᠤ ᠮᠥᠴᠡᠭᠡᠷᠭᠡᠭ᠍ᠰᠡᠨ

ᠵᠣᠢ᠌ᠯ ᠤᠨ ᠴᠡᠴᠡᠭ᠌ ᠰᠢᠭ᠌ ᠮᠥᠰᠢᠶᠡᠭᠦ ᠳᠦᠷᠭᠦ ᠴᠢᠨᠢ

ᠵᠢᠷᠦᠭᠡ ᠰᠡᠳᠭᠢᠯ ᠳᠤ ᠥᠭᠡᠢ᠌ᠯᠡᠭ᠍ᠳᠡᠭᠡᠳ ᠪᠠᠢ᠌ᠬᠤ ᠶᠤᠮ

ᠰᠠᠨᠠᠭᠠᠨ ᠤ ᠠᠶᠠᠰ ᠶᠢᠡᠷ ᠢᠯᠪᠢᠭᠡᠳ ᠪᠠᠭᠤᠬᠤ

ᠰᠠᠢ᠌ᠬᠠᠨ ᠠᠠᠳᠠ ᠶᠢᠨ ᠮᠢᠨᠢ

ᠬᠠᠯᠬ᠎ᠠ ᠮᠤᠩᠭ᠋ᠤᠯ ᠤᠨ ᠰᠢᠯᠦᠭ᠌ ᠤᠨ ᠰᠢᠳᠦᠭᠡᠨ

ᠬᠠᠮᠤᠭ ᠮᠤᠩᠭ᠋ᠤᠯ ᠤᠨ ᠰᠤᠳᠤᠨ ᠨᠠᠢ᠌ᠷᠠᠭᠴᠢ ᠴᠣᠢ᠌ᠨᠤᠮ ᠤᠨ

ᠰᠦᠮᠠᠳᠠᠢ ᠪᠣᠳᠠᠷ ᠤᠨ ᠴᠢᠯᠠᠭᠤ ᠶᠢ

ᠠᠯᠠᠭᠠᠨ ᠳᠡᠭᠡᠷ᠎ᠡ ᠪᠠᠨ ᠳᠤᠰᠬᠤ ᠳ᠋ᠤ

ᠠᠮᠢᠳᠤ ᠶᠢᠨ ᠴᠡᠩᠭᠡᠷ ᠬᠤᠷᠸ᠎ᠠ ᠳ᠋ᠤ

ᠰᠦᠰᠦ ᠬᠠᠳᠠᠭᠤ ᠵᠤᠷᠢᠭ ᠲᠦᠰᠢᠵᠤ

ᠣᠬᠠᠭᠠᠨ ᠤ ᠬᠠᠩᠭ᠋ᠠᠢ ᠳᠤ ᠨᠠᠢ᠌ᠷᠠᠭ ᠶᠢᠡᠷ ᠣᠠᠳᠤᠷᠬᠤ

ᠣᠶᠠᠩᠭ᠋᠎ᠠ ᠴᠠᠭᠠᠨ ᠰᠢᠯᠦᠭ᠌ ᠲᠤ ᠮᠢᠨᠢ ᠣᠷᠢ ᠳᠠᠮᠢᠷ ᠨᠥᠭᠦᠭ᠍ᠰᠡᠨ

ᠰᠥ᠋ ᠰᠢᠭ᠌ ᠰᠡᠳᠭᠢᠯ ᠳᠤ ᠣᠶᠠᠷᠠᠵᠤ ᠶᠠᠪᠣᠨ᠎ᠠ

ᠪᠣᠳᠤᠯ ᠤᠨ ᠪᠣᠮᠠᠨ ᠰᠠᠴᠤᠷᠠᠭ ᠢ

ᠪᠣᠷᠤ ᠴᠡᠭᠡᠵᠢᠨ ᠳᠡᠭᠡᠨ ᠳᠤᠩᠭ᠋ᠠᠨ ᠰᠤᠪᠢᠬᠤ ᠳ᠋ᠤ

ᠣᠨᠠᠭᠠᠨ ᠮᠦᠷᠦᠭᠡᠳᠦᠯ ᠴᠠᠭᠳᠠᠭᠰᠠᠨ

ᠣᠨᠠᠭᠰᠠᠨ ᠨᠤᠳᠤᠭ ᠤᠨ ᠮᠢᠨᠢ ᠳᠡᠷᠭᠡᠯ ᠰᠠᠷᠠ ᠰᠢᠭ ᠰᠠᠢ᠌ᠬᠠᠨ

ᠬᠤᠨᠤᠭ ᠤᠨ ᠶᠠᠭᠠᠨ ᠵᠡᠭᠦᠳᠤ ᠮᠠᠨᠠᠭᠰᠠᠨ

ᠬᠤᠨᠢᠴᠢᠨ ᠭᠡᠦᠭᠡᠨ ᠤ《ᠡᠵᠢ ᠮᠢᠨᠢ》 ᠭᠡᠭᠦ

ᠰᠡᠳᠭᠢᠯ ᠳᠤ ᠣᠶᠠᠩᠭ᠋ᠠᠷᠠᠬᠤ ᠵᠢᠷᠦᠭᠡᠨ ᠳᠠᠭᠤᠤ

ᠰᠠᠨᠠᠭᠠᠨ ᠡᠴᠡ ᠭᠠᠷᠳᠠᠭ ᠥᠭᠡᠢ

ᠰᠡᠪᠠᠯᠭᠡ ᠭᠡᠢ᠌ᠰᠭᠡᠨ ᠦᠳᠡᠵᠤ ᠬᠤᠴᠤᠷᠤᠭᠰᠠᠨ

ᠰᠠᠠᠴᠢᠭ ᠪᠣᠭᠤᠷᠤᠯ ᠡᠵᠢ ᠶᠢᠨ ᠮᠢᠨᠢ ᠪᠠᠷ᠎ᠠ

ᠰᠠᠨᠠᠬᠤ ᠦᠷ᠎ᠡ ᠶᠢᠨ ᠬᠠᠷᠠᠭᠠᠨ ᠳᠤ ᠳᠤᠳᠤᠷᠠᠨ᠎ᠠ

ᠬᠤᠯᠠ ᠶᠢᠨ ᠨᠠᠢ᠌ᠵᠠ ᠶᠢᠨ ᠨᠠᠠᠳᠢᠨ ᠪᠠᠯᠡᠭ᠌

ᠬᠤᠨᠤᠴᠠ ᠶᠢᠨ ᠬᠡᠦᠬᠡᠳ ᠢ

ᠬᠤᠩᠭ᠋ᠤᠷ ᠰᠡᠳᠭᠢᠯ ᠳᠡᠭᠡᠨ ᠪᠢᠰᠢᠯᠭᠠᠬᠤ ᠳ᠋ᠤ

ᠣᠶᠠᠬᠠᠨ ᠽᠡᠮᠪᠦᠯᠢᠭ᠌ ᠤᠨ ᠨᠠᠷᠠᠨ ᠰᠢᠭ

ᠣᠯᠠᠭᠠᠨ ᠳᠠᠪᠳᠠᠷ ᠲᠤ ᠣᠶᠠᠩᠭ᠋ᠠᠷᠠᠭᠰᠠᠨ

ᠬᠤᠷᠸ᠎ᠠ ᠳᠤ ᠦᠯᠡᠳᠡᠭᠡᠭᠦ ᠳᠠᠭᠤᠨ

ᠬᠤᠩᠭ᠋ᠤᠷ ᠵᠢᠷᠦᠭᠡᠨ ᠳᠤ ᠬᠤᠨᠤᠭᠰᠢᠨ᠎ᠠ

ᠬᠠᠷᠠᠬᠤ ᠨᠢᠳᠤᠨ ᠤ ᠮᠢᠨᠢ ᠴᠡᠴᠡᠭᠡᠢ

ᠬᠠᠨᠢᠰᠠᠬᠤ  ᠠᠮᠢᠳᠤᠷᠠᠯ ᠤᠨ ᠬᠠᠢ᠌ᠷ᠎ᠠ ᠶᠢᠨ ᠴᠡᠴᠡᠭ᠌

ᠮᠤᠩᠭ᠋ᠤᠯ ᠭᠦᠮᠤᠨ ᠤ ᠭᠤᠯᠤᠮᠳᠠ ᠮᠠᠨᠠᠭᠰᠠᠨ

ᠮᠤᠩᠭ᠋ᠤᠯ ᠪᠦᠰᠡᠭᠦᠢ ᠶᠢᠨ ᠦᠵᠡᠰᠭᠦᠯᠡᠭ᠌

ᠨᠢᠩᠵᠢᠨ ᠰᠡᠳᠭᠢᠯ ᠤᠨ ᠣᠶᠠᠬᠠᠨ ᠴᠢᠪᠬᠠᠳᠠᠰᠤ

ᠨᠢᠭᠡᠨ ᠬᠠᠢ᠌ᠷ᠎ᠠ ᠶᠢᠨ ᠳᠤᠤᠯᠢ

ᠣᠨᠠᠭᠠᠨ ᠪᠠᠭ᠎ᠠ ᠶᠢᠨ ᠳᠤᠷᠠᠰᠤᠮᠵᠢ

ᠣᠩᠭ᠋ᠤᠨ ᠬᠠᠢ᠌ᠷ᠎ᠠ ᠶᠢᠨ ᠮᠥᠩᠭᠡ ᠵᠤᠯᠠ

ᠵᠢᠷᠦᠭᠡ ᠰᠡᠳᠭᠢᠯ ᠡᠴᠡ ᠭᠠᠷᠳᠠᠭ ᠥᠭᠡᠢ

ᠵᠡᠭᠦᠳᠤᠨ ᠳᠤ ᠮᠢᠨᠢ ᠡᠷᠢᠭ᠍ᠳᠡᠭᠡᠳ ᠪᠠᠢ᠌ᠬᠤ ᠶᠤᠮ

ᠨᠠᠯᠠᠭᠠᠷ ᠰᠠᠢ᠌ᠬᠠᠨ ᠬᠤᠷᠸ᠎ᠠ ᠳ᠋ᠤ

ᠨᠠᠷᠠᠨ ᠤ ᠴᠡᠩᠭᠡᠷ ᠠᠮᠢᠰᠬᠤᠭ᠎ᠠ ᠥᠨᠦᠷᠯᠡᠭ᠍ᠰᠡᠨ

ᠨᠠᠷᠭᠢᠵᠤ ᠦᠰᠦᠭ᠍ᠰᠡᠨ ᠳᠠᠯ᠎ᠠ ᠶᠢᠨ ᠮᠢᠨᠢ

ᠨᠠᠯᠠᠵᠤ ᠰᠠᠭᠤᠭᠰᠠᠨ ᠳᠡᠷᠭᠡᠯ ᠰᠠᠷᠠ ᠰᠢᠭ

ᠨᠠᠷᠮᠠᠢ ᠪᠠᠭ᠎ᠠ ᠨᠠᠰᠤᠨ ᠤ ᠮᠢᠨᠢ

ᠨᠠᠷᠠ ᠰᠢᠭ ᠳᠤᠯᠠᠭᠠᠬᠠᠨ

ᠨᠠᠢ᠌ᠵᠠ ᠶᠢᠨ ᠥᠭ᠍‍ᠭᠢᠶᠡᠮᠦᠷ ᠰᠡᠳᠭᠢᠯ ᠢ

ᠨᠠᠰᠤᠨ ᠳᠤᠷᠰᠢ ᠳᠠᠭᠠᠨ ᠥᠭᠡᠢ᠌ᠯᠡᠵᠤ ᠶᠠᠪᠣᠨ᠎ᠠ ᠪᠢ

                        

         2013.11.22


              ᠵᠤᠬᠢᠶᠠᠭᠴᠢ ᠶᠢᠨ ᠬᠠ‍‌ᠶᠢᠭ ᠄ ᠪᠠᠶᠠᠠᠨᠠᠭᠤᠷ ᠤᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠦᠭ᠍ᠵᠢᠯ
ᠬᠠᠷᠢᠶ᠎ᠠ᠄ ᠰᠢᠯᠦᠭ
ᠳᠠᠷᠤᠮ᠄ 1948
ᠴᠠᠭ᠄ 2013 ᠤᠨ ᠤ 11 ᠰᠠᠷ᠎ᠠ ᠶᠢᠨ 22