ᠡᠮᠡᠭᠡ ᠳᠡᠭᠡᠨ ᠣᠩᠰᠢᠬᠤ ᠰᠢᠯᠦᠭ᠌
᠊᠊᠊᠊᠊᠊᠊᠊᠊᠊᠊᠊᠊᠊᠊ ᠠᠴᠢᠳᠤ ᠡᠮᠡᠭᠡ ᠶᠢᠨ ᠵᠢᠠᠨ ᠮᠥᠩᠭᠡ ᠶᠢᠨ ᠳᠠᠭᠠᠯᠠᠯ ᠳᠤ

ᠨᠠᠮᠠᠬᠠᠨ ᠰᠡᠪᠢᠯᠵᠡᠭᠦ ᠡᠪᠠᠰᠤᠨ ᠤ ᠮᠦᠩᠭᠦᠨ ᠰᠤᠷ ᠰᠢᠭ  

ᠨᠤᠳᠤᠭ ᠤᠨ ᠪᠣᠭᠤᠷᠤᠯ ᠤᠨ ᠶᠢᠡᠨ ᠨᠠᠰᠤᠨ ᠤ ᠪᠣᠶᠠᠨ ᠳᠤ ᠪᠠᠶᠠᠰᠬᠤ ᠶᠢᠨ ᠣᠴᠢᠷ  

ᠡᠰᠭᠡᠭ᠍ᠰᠡᠨ ᠨᠠᠢ᠌ᠷᠠᠭ ᠤᠨ ᠳᠡᠭᠡᠵᠢ ᠪᠠᠨ ᠪᠠᠷᠢᠵᠤ  

ᠡᠨᠡᠷᠢᠯ ᠤᠨ ᠳᠡᠭ᠍ᠷᠢ ᠡᠮᠡᠭᠡ ᠳᠠᠨ ᠳᠠᠭᠠᠨ ᠳᠡᠪᠰᠢᠭᠦᠯᠵᠤ ᠪᠠᠢ᠌ᠨ᠎ᠠ    

  

ᠡᠭᠡ ᠣᠷᠤᠨ ᠤ ᠪᠠᠨ ᠨᠤᠭᠤᠭᠠᠨ ᠭᠡᠪᠢᠰᠤᠨ ᠳᠡᠭᠡᠷ᠎ᠡ ᠡᠴᠡ  

ᠡᠮᠡᠭᠡ ᠮᠢᠨᠢ ᠳᠠ ᠨᠠᠮ᠎ᠠ ᠪᠠᠨ ᠡᠩᠭᠦᠷᠡᠢ᠌ᠯᠡᠩᠭᠡᠨ ᠥᠰᠭᠡᠭ᠍ᠰᠡᠨ ᠤ ᠣᠴᠢᠷ  

ᠡᠩᠭᠦᠷᠡᠢ᠌ᠯᠡᠵᠤ ᠨᠠᠮ᠎ᠠ ᠶᠢ ᠳᠤᠷᠨᠢᠭᠤᠯᠤᠭᠰᠠᠨ 《ᠪᠦᠦᠪᠠᠢ ᠶᠢᠨ ᠳᠠᠭᠤᠤ》 ᠴᠢᠨᠢ  

ᠨᠢᠰᠤᠩᠬᠠᠢ ᠨᠠᠰᠤᠨ ᠤ ᠮᠢᠨᠢ ᠳᠠᠩᠭᠢᠯ ᠶᠠᠪᠣᠳᠠᠯ ᠤᠳ ᠢ ᠰᠠᠨᠠᠭᠳᠠᠭᠤᠯᠤᠨ᠎ᠠ    

  

ᠠᠮᠳᠠᠳᠤ ᠰᠠᠢ᠌ᠬᠠᠨ ᠦᠳᠡᠰᠢ ᠶᠢᠨ ᠨᠣᠢ᠌ᠷ ᠶᠢᠡᠨ ᠳᠠ ᠮᠢᠨᠢ  

ᠠᠮᠠᠷᠠᠯ ᠦᠭᠡᠶ ᠬᠠᠭᠠᠰ ᠢ ᠨᠢ ᠨᠠᠳᠠ ᠳᠤ ᠵᠤᠷᠢᠭᠤᠯᠳᠠᠭ  

ᠠᠯᠢᠭᠢ ᠰᠠᠢ᠌ᠬᠠᠨ ᠢᠳᠡᠭᠡᠨ ᠣᠮᠳᠠᠭᠠᠨ ᠶᠢᠠᠨ ᠳᠠ ᠮᠢᠨᠢ  

ᠠᠮᠠᠰᠠᠯ ᠦᠭᠡᠶ ᠬᠠᠳᠠᠭᠠᠯᠠᠵᠤ ᠨᠠᠳᠠ ᠳᠤ ᠡᠮᠭᠦᠭᠦᠯᠳᠡᠭ᠌  


《ᠠᠢ᠂ ᠭᠦᠭᠡᠷᠦᠭᠦᠢ ︕ ᠮᠢᠨᠤ ᠮᠠᠭᠤ ᠨᠢᠰᠤᠩᠬᠠᠢ》 ᠭᠡᠵᠤ ᠳᠠ  

ᠠᠶ᠎ᠠ ᠳᠠᠭᠤᠤ ᠲᠡᠶ ᠨᠠᠮ᠎ᠠ ᠪᠠᠨ ᠥᠭᠦᠭᠡᠷᠳᠡᠳᠡᠭ᠌  

ᠠᠶᠤᠤᠯᠢᠬᠠᠢ ᠵᠢᠷᠦᠭᠡᠨ ᠤ ᠬᠠᠢ᠌ᠷ᠎ᠠ ᠶᠢᠨ ᠳᠠᠯᠠᠢ ᠪᠠᠨ  

ᠠᠰᠬᠠᠵᠤ ᠰᠢᠷᠭᠢᠳᠠᠯ᠎ᠠ ᠨᠠᠳᠠ ᠳᠤ ᠶᠡᠭᠦᠯᠡᠳᠡᠭ᠌ ᠡᠮᠡᠭᠡ ᠮᠢᠨᠢ ︕   

  

ᠦᠷᠯᠦᠭᠡ ᠶᠢᠨ ᠨᠠᠷᠠᠨ ᠢ ᠰᠦ᠋ ᠪᠠᠷ ᠶᠢᠡᠨ ᠣᠭᠳᠤᠨ  

ᠦᠳᠡᠰᠢ ᠶᠢᠨ ᠰᠠᠷᠠᠨ ᠢ ᠳᠦᠳᠡᠭ᠌ ᠶᠢᠡᠷ ᠶᠢᠡᠨ ᠦᠳᠡᠨ  

ᠴᠠᠭᠠᠰᠤ ᠡᠪᠭᠡᠮᠡᠯ ᠳᠤ ᠨᠠᠮᠠᠷᠢ ᠦᠭᠡᠶ ᠶᠠᠪᠣᠭᠰᠠᠨ ᠴᠤ  

ᠴᠠᠰᠤ ᠲᠡᠶ ᠳᠡᠯᠡᠭᠡᠢ ᠳᠤ ᠮᠦᠷ ᠲᠡᠶ ᠯᠠ ᠶᠠᠪᠣᠭᠰᠠᠨ ᠡ  


ᠡᠪᠠᠰᠤᠨ ᠤ ᠰᠢᠭᠦᠳᠡᠷᠢ ᠶᠢ ᠳᠦᠷᠢ ᠳᠡᠭᠡᠨ ᠰᠢᠩᠭᠡᠭᠡᠨ  

ᠡᠩᠭᠦᠷᠡᠢ ᠦᠷᠠᠰ ᠶᠢᠡᠨ ᠬᠠᠢ᠌ᠷ᠎ᠠ ᠶᠢᠡᠷ ᠢᠪᠠᠭᠡᠨ  

ᠴᠠᠭ ᠤᠨ ᠮᠥᠴᠡᠯᠭᠡ ᠲᠡᠶ ᠴᠠᠭᠢᠯᠠᠬᠤ ᠬᠤᠷᠸ᠎ᠠ ᠳ᠋ᠤ  

ᠴᠠᠭᠠᠨ ᠳᠤᠭᠤᠷᠭᠠᠳᠤ ᠦᠷᠭᠦᠭᠡ ᠭᠡᠷ ᠶᠢᠡᠨ ᠳᠤᠯᠠᠭᠠᠯᠠᠭᠰᠠᠨ ᠡᠮᠡᠭᠡ ᠮᠢᠨᠢ ︕   

  

ᠬᠠᠯᠠᠭᠤᠨ ᠨᠠᠷᠠᠨ ᠳᠤ ᠰᠡᠭᠦᠳᠡᠷ ᠪᠣᠯᠵᠤ  

ᠬᠠᠭᠢᠷ ᠭᠦᠢᠳᠡᠨ ᠳᠤ ᠢᠯᠴᠢ ᠪᠣᠯᠵᠤ  

ᠬᠠᠢ᠌ᠷᠠᠳᠤ ᠭᠡᠳᠤᠨ ᠦᠷ᠎ᠡ ᠶᠢᠨ ᠶᠢᠡᠨ ᠲᠦᠯᠦᠭᠡ  

ᠬᠠᠷᠠᠮ ᠦᠭᠡᠶ ᠠᠯᠢᠪᠠ ᠪᠠᠨ ᠵᠤᠷᠢᠭᠤᠯᠤᠭᠰᠠᠨ᠂     

ᠬᠠᠮᠤᠭ ᠠᠶᠤᠯ ᠳᠤ ᠥᠮᠦᠭ᠌ ᠪᠣᠯᠵᠤ  

ᠬᠠᠢ᠌ᠷ᠎ᠠ ᠪᠠᠷ ᠳᠤᠳᠠᠬᠤ ᠳᠤ ᠳᠦᠰᠢᠭ᠌ ᠪᠣᠯᠵᠤ  

ᠬᠠᠢ᠌ᠷᠠᠬᠠᠨ ᠮᠠᠬᠠᠪᠣᠤᠨ ᠶᠢᠡᠨ ᠬᠠᠢ᠌ᠬᠤᠷᠠᠯ ᠥᠭᠡᠢ  

ᠬᠠᠯᠠᠰᠢᠷᠠᠵᠤ ᠵᠦᠳᠡᠷᠡᠳᠠᠯ᠎ᠠ ᠪᠠᠨ ᠵᠢᠳᠭᠦᠭ᠍ᠰᠡᠨ ᠡᠮᠡᠭᠡ ᠮᠢᠨᠢ ︕   

  

ᠠᠷᠰᠢ ᠰᠠᠭᠢᠭᠤᠯᠰᠤᠨ ᠤ ᠣᠷᠳᠤᠨ ᠰᠢᠭ  

ᠠᠷᠢᠭᠤᠨ ᠴᠠᠭᠠᠨ ᠦᠨᠢ ᠶᠢᠨ ᠴᠢᠨᠠᠷ ᠳᠠᠢ  

ᠮᠢᠨᠤ ᠬᠠᠢ᠌ᠷᠠᠳᠤ ᠡᠮᠡᠭᠡ ᠮᠢᠨᠢ ︕   

ᠠᠭᠢᠭᠠᠤᠨ ᠮᠠᠠᠳᠤᠬᠤ ᠮᠠᠷᠭᠠᠰᠢ ᠶᠢᠨ ᠠᠯᠳᠠᠨ ᠨᠠᠷᠠᠨ ᠰᠢᠭ  

ᠠᠮᠢᠯᠠᠯ ᠤᠨ ᠬᠤᠷ᠎ᠠ᠂ ᠬᠠᠢ᠌ᠷ᠎ᠠ ᠶᠢᠨ ᠮᠦᠩᠭᠦᠨ ᠰᠠᠴᠤᠷᠠᠭ ᠳᠠᠢ  

ᠮᠢᠨᠤ ᠬᠠᠢ᠌ᠷᠠᠳᠤ ᠡᠮᠡᠭᠡ ᠮᠢᠨᠢ ︕   

  

ᠰᠠᠷᠠᠭᠤᠯ ᠰᠠᠢ᠌ᠬᠠᠨ ᠮᠤᠩᠭ᠋ᠤᠯ ᠨᠤᠳᠤᠭ ᠤᠨ ᠵᠢᠠᠨ  

ᠰᠠᠨᠠᠭ᠎ᠠ ᠴᠠᠢ᠌ᠯᠭᠠᠨ ᠮᠠᠯᠴᠢᠨ ᠮᠤᠩᠭ᠋ᠤᠯ ᠪᠦᠰᠡᠭᠦᠢ  

ᠮᠢᠨᠤ ᠬᠠᠢ᠌ᠷᠠᠳᠤ ᠡᠮᠡᠭᠡ ᠮᠢᠨᠢ ︕   

ᠰᠠᠷᠠ ᠲᠡᠶ ᠰᠦᠨᠢ ᠶᠢᠨ ᠳᠤᠩᠭ᠋ᠠᠯᠠᠭ ᠦᠳᠡᠰᠢ  

ᠰᠠᠨᠠᠬᠤ ᠵᠡᠭᠦᠳᠡᠨ ᠳᠤ ᠮᠢᠨᠢ ᠡᠭᠡᠨᠡᠭ᠍ᠳᠡ ᠭᠡᠷᠡᠯᠳᠦᠳᠡᠭ᠌  

ᠮᠢᠨᠤ ᠬᠠᠢ᠌ᠷᠠᠳᠤ ᠡᠮᠡᠭᠡ ᠮᠢᠨᠢ ︕   

  

ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ 

ᠵᠤᠬᠢᠶᠠᠭᠴᠢ᠄ ᠬᠦᠷᠡᠯ‍ᠤ᠋ᠨᠢᠰᠤ
ᠬᠠᠷᠢᠶ᠎ᠠ᠄ ᠰᠢᠯᠦᠭ
ᠳᠠᠷᠤᠮ᠄ 1866
ᠴᠠᠭ᠄ 2011 ᠤᠨ ᠤ 07 ᠰᠠᠷ᠎ᠠ ᠶᠢᠨ 06