ᠨᠠᠮᠤᠷ

ᠦᠷᠤᠮ᠎ᠠ ᠶᠢᠨ ᠰᠢᠷᠭᠠᠯ ᠰᠠᠯᠭᠢ

ᠣᠶᠠᠭᠠᠨ ᠳᠡᠭᠡᠷ᠎ᠡ ᠪᠣᠢ᠌ᠯᠠᠨ᠎ᠠ

ᠣᠯᠠᠨ ᠨᠡᠭᠦᠳᠡᠯ ᠤᠨ ᠰᠢᠪᠠᠭᠤᠳ

ᠣᠭᠢᠯᠠᠨ ᠣᠭᠢᠯᠠᠨ ᠪᠣᠴᠠᠨ᠎ᠠ

ᠦᠷᠡᠯᠡᠭᠦ ᠡᠪᠠᠰᠤᠨ ᠤ ᠳᠦᠷᠦᠭᠦᠤ

ᠰᠢᠷᠠᠩᠭ᠋ᠤᠢ ᠨᠤᠭᠤᠭᠠᠨ ᠶᠢᠡᠷ ᠦᠶᠡᠯᠵᠠᠨ᠎ᠡ

ᠣᠭᠠᠯᠵᠠᠯᠠᠬᠤ ᠭᠤᠤᠯ ᠤᠨ ᠣᠰᠤ

ᠰᠡᠷᠢᠭᠦᠤ ᠳᠠᠳᠠᠨ ᠮᠠᠯᠳᠠᠷᠠᠨ᠎ᠡ

ᠰᠢᠭᠦᠳᠡᠷᠢ ᠡᠭ᠍ᠰᠢᠭ᠍ᠰᠡᠨ ᠴᠡᠴᠡᠭᠡᠰ

ᠳᠠᠯᠪᠢ ᠪᠠᠨ ᠬᠤᠮᠭᠢᠨ ᠭᠤᠠᠳᠠᠨ᠎ᠠ

ᠳᠠᠷᠪᠠᠨ ᠭᠡᠢ᠌ᠰᠭᠦ ᠨᠠᠪᠴᠢᠰ

ᠰᠠᠯᠠᠭ᠎ᠠ ᠬᠠᠷᠭᠤᠳᠠᠵᠤ ᠰᠡᠭᠦᠷᠡᠰᠦᠯᠡᠨ᠎ᠡ

ᠵᠤᠷᠬ᠎ᠠ ᠨᠠᠯᠠᠭᠰᠠᠨ ᠳᠠᠷᠢᠶ᠎ᠠ

ᠵᠢᠪᠠᠷ ᠤᠨ ᠥᠩᠭᠡ ᠪᠠᠷ ᠭᠠᠩᠬᠤᠨ᠎ᠠ

ᠵᠡᠭᠡᠷ᠎ᠡ ᠳᠠᠰᠢᠭᠰᠠᠨ ᠭᠤᠪᠢ

ᠵᠢᠷᠦᠭᠡ ᠡᠮᠳᠡᠷᠡᠳᠡᠯ᠎ᠡ ᠰᠢᠭᠤᠷᠠᠨ᠎ᠠ

ᠭᠤᠯᠰᠢᠭ ᠴᠠᠭᠠᠨ ᠬᠤᠰᠤ

ᠭᠠᠵᠠᠷ ᠨᠠᠮᠠᠯᠵᠠᠳᠠᠯ᠎ᠠ ᠬᠤᠩᠭ᠋ᠤᠷᠳᠠᠨ᠎ᠠ

ᠭᠠᠩᠭ᠋ᠠᠩ ᠬᠠᠩᠭ᠋ᠠᠢ ᠶᠢᠨ ᠡᠩᠭᠡᠷ

ᠭᠠᠯᠪᠠ ᠡᠴᠠ ᠡᠵᠡᠭᠦᠢᠷᠳᠡᠯ᠎ᠡ ᠰᠢᠷᠭᠠᠯᠳᠤᠨ᠎ᠠ

ᠰᠦᠷᠦᠭ᠌ ᠲᠡᠭᠡᠨ ᠢᠵᠢᠯᠢᠰᠢᠭ᠍ᠰᠡᠨ ᠮᠤᠷᠢ

ᠱᠤᠩ ᠶᠢᠡᠨ ᠰᠤᠭᠤᠷᠳᠠᠯ᠎ᠠ ᠳᠡᠪᠭᠡᠴᠡᠨ᠎ᠡ

ᠴᠢᠮ᠎ᠠ ᠪᠠᠨ ᠥᠭᠡᠢ᠌ᠯᠡᠭ᠍ᠰᠡᠨ ᠰᠡᠳᠭᠢᠯ

ᠰᠠᠷᠠ ᠡᠰᠭᠡᠳᠡᠯ᠎ᠡ ᠰᠠᠨᠠᠨ᠎ᠠ

ᠡᠪᠠᠰᠤᠨ ᠦᠵᠦᠭᠦᠷ ᠭᠤᠯᠢᠶ᠎ᠠ

ᠣᠳᠤ ᠰᠢᠩᠭᠡᠷᠡᠳᠡᠯ᠎ᠡ ᠳᠠᠭᠤᠯᠠᠨ᠎ᠠ

ᠤᠢ᠌ᠳᠬᠠᠷ ᠤᠨ ᠰᠡᠵᠢᠭᠦᠷ ᠰᠢᠯᠦᠭ᠌

ᠦᠷ ᠭᠡᠭᠡᠷᠡᠳᠡᠯ᠎ᠡ ᠭᠢᠩᠰᠢᠨ᠎ᠡ

ᠪᠣᠷᠤᠭᠠᠨ ᠬᠠᠭᠰᠠᠭᠰᠠᠨ ᠨᠠᠮᠤᠷ

ᠪᠣᠳᠤᠯ ᠰᠠᠮᠠᠷᠠᠳᠠᠯ᠎ᠠ ᠨᠠᠢ᠌ᠭᠤᠨ᠎ᠠ

ᠪᠠᠢ᠌ᠮ᠎ᠠ ᠬᠤᠯᠠ ᠶᠢᠨ ᠮᠦᠷᠦᠭᠡᠳᠦᠯ

ᠰᠠᠨᠠᠭ᠎ᠠ ᠣᠶᠠᠰᠳᠠᠯ᠎ᠠ ᠢᠪᠢᠯᠤᠨ᠎ᠡ


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1824
ᠴᠠᠭ᠄ 2012 ᠤᠨ ᠤ 07 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ