ᠠᠯᠳᠠᠨ ᠰᠢᠪᠠᠭᠤ

ᠠᠯᠳᠠᠩᠬᠠᠨ ᠰᠢᠪᠠᠭᠤ ᠮᠢᠨᠤ

ᠠᠯᠠᠭᠠᠨ ᠳᠡᠭᠡᠷ᠎ᠡ ᠮᠢᠨᠢ ᠪᠠᠭᠤᠵᠤ

ᠠᠮᠤᠷ ᠮᠠᠠᠳᠤ ᠠᠢ᠌ᠯᠠᠳᠬᠠᠭᠰᠠᠨ ᠵᠢᠠᠨ

ᠠᠭᠠᠷ ᠭᠦᠯᠦᠭᠯᠡᠵᠤ ᠨᠢᠰᠪᠠ


ᠤᠶᠠᠩ‍ᠭ᠎ᠠ ᠶᠢᠨ ᠳᠠᠷᠠ ᠰᠢᠪᠠᠭᠤ

ᠣᠢ ᠳᠤᠳᠤᠷ᠎ᠠ ᠡᠭᠡᠰᠢᠭ᠌ ᠠᠰᠬᠠᠵᠤ

ᠣᠭᠳᠠᠷᠭᠤᠢ ᠳᠦᠭᠦᠷᠡᠩ ᠳᠠᠭᠤᠤ ᠰᠠᠴᠤᠵᠤ

ᠣᠷᠤᠢ ᠳᠡᠭᠡᠭᠦᠷ ᠮᠢᠨᠢ ᠨᠢᠰᠴᠤ ᠥᠩᠭᠡᠷᠡᠪᠡ


ᠣᠰᠤ ᠬᠠᠷᠠᠵᠤ ᠵᠤᠭᠰᠤᠯ᠎ᠠ ᠪᠢ

ᠣᠷᠤᠰᠬᠠᠯ ᠳᠠᠭᠠᠵᠤ ᠭᠦᠪᠪᠦᠵᠤ ᠢᠷᠡᠭ᠍ᠰᠡᠨ

ᠤᠶᠠᠩ‍ᠭ᠎ᠠ ᠶᠢᠨ ᠨᠤᠭᠤᠭᠠᠨ ᠨᠤᠲ᠋ ᠤᠳ ᠳᠤ

ᠦᠷᠤᠴᠠ ᠴᠡᠭᠡᠵᠢ ᠮᠢᠨᠢ ᠪᠣᠳᠤᠭ ᠶᠢᠡᠷ ᠪᠣᠴᠠᠯᠤᠯ᠎ᠠ


ᠠᠯᠠᠭᠠᠨ ᠳᠡᠭᠡᠷ᠎ᠡ ᠮᠢᠨᠢ

ᠠᠭᠢᠭᠠᠤᠨ ᠭᠡᠵᠢᠶ᠎ᠡ ᠴᠤ ᠪᠠᠭᠤᠬᠤ ᠥᠭᠡᠢ

ᠠᠯᠳᠠᠨ ᠰᠢᠪᠠᠭᠤᠨ ᠤ

ᠢᠷᠠᠭᠤ ᠳᠠᠭᠤᠨ ᠳᠤ ᠪᠢ


ᠠᠷᠭ᠎ᠠ ᠥᠭᠡᠢ

ᠠᠷᠢᠭᠢ ᠣᠭᠤᠭᠰᠠᠨ ᠰᠢᠭ ᠰᠤᠭᠳᠤᠵᠤ

ᠠᠮᠢᠨ ᠵᠢᠷᠦᠭᠡ ᠮᠢᠨᠢ

ᠠᠶᠤᠤᠯᠢᠬᠠᠢ ᠳᠤᠳᠤᠷ᠎ᠠ ᠮᠢᠨᠢ ᠭᠠᠯ ᠰᠢᠭ ᠨᠤᠴᠤᠵᠤ ᠪᠠᠢ᠌ᠯ᠎ᠠ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2582
ᠴᠠᠭ᠄ 2011 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ