ᠭᠦᠰᠡᠯ ᠤᠨ ᠵᠠᠶᠠᠭ᠎ᠠ

2003 ᠣᠨ ᠤ ᠵᠤᠨ ᠭᠦᠰᠡᠯ ᠬᠤᠳᠠ ᠣᠷᠤᠵᠤ ᠨᠢᠭᠡ ᠬᠤᠭᠤᠯᠠᠨ ᠭᠡᠷ ᠲᠤ ᠥᠢᠯᠡᠴᠢᠯᠡᠭ᠍ᠴᠢ ᠪᠤᠯᠬᠤ ᠶᠢᠨ ᠳᠠᠭᠠᠤ ᠨᠤᠭᠤᠭ᠎ᠠ ᠬᠠᠭᠤᠷᠬᠤ ᠮᠡᠷᠭᠡᠵᠢᠯ ᠢ ᠰᠤᠷᠴᠠᠢ᠃

ᠳᠠᠷᠠ ᠦᠨᠳᠦᠷ ᠳᠤᠮᠳᠠᠳᠤ ᠪᠠᠨ ᠳᠡᠭᠦᠰᠦᠭ᠍ᠰᠡᠨ ᠤ ᠳᠠᠷᠠᠭ᠎ᠠ ᠭᠡᠷ ᠲᠡᠭᠡᠨ ᠬᠠᠷᠢᠵᠤ ᠮᠠᠯ ᠳᠠᠷᠢᠶᠠᠯᠠᠩ ᠳᠤ ᠴᠢᠨᠡᠭᠡ ᠮᠠᠳᠠᠨ ᠣᠷᠤᠯᠴᠠᠵᠤ ᠭᠡᠴᠢᠨᠡᠨ ᠵᠢᠯ ᠤᠨ ᠳᠤᠷᠰᠢ ᠶᠠᠳᠠᠭᠤ ᠡᠴᠡ ᠠᠩᠭᠢᠵᠢᠷᠠᠵᠤ ᠥᠵᠡᠭᠡᠳᠦᠢ ᠪᠣᠯᠳᠠᠷ ᠪᠠᠯᠳᠠᠷ ᠠᠮᠢᠳᠤᠷᠠᠯ ᠶᠢᠡᠨ ᠥᠭᠡᠷᠡᠴᠢᠯᠡᠶ᠎ᠡ ᠭᠡᠵᠤ ᠭᠦᠴᠤ ᠴᠢᠳᠠᠯ ᠶᠢᠡᠨ ᠰᠢᠪᠬᠠᠵᠤ ᠭᠤᠷᠪᠠᠨ ᠵᠢᠯ ᠪᠣᠯᠤᠭᠰᠠᠨ ᠴᠤ ᠵᠢᠯ ᠳᠠᠷᠠᠭᠠᠯᠠᠨ ᠭᠠᠩᠳᠠᠵᠤ ᠬᠠᠳᠠᠬᠤ ᠬᠠᠭᠢᠷ ᠳᠠᠯ᠎ᠠ᠂ ᠬᠠᠪᠣᠷ ᠨᠠᠮᠤᠷ ᠦᠭᠡᠶ ᠰᠠᠯᠭᠢ ᠳᠡᠭ᠍ᠳᠡᠭᠦ ᠡᠯᠡᠰᠤ ᠮᠠᠩᠬ᠎ᠠ ᠳᠡᠭᠦᠨ ᠤ ᠭᠦᠴᠤ ᠭᠦᠯᠦᠰᠤ ᠶᠢ ᠪᠠᠷᠤᠭ ᠳᠠᠯᠠᠭᠠᠷ ᠣᠷᠤᠰᠬᠠᠳᠠᠭ ᠪᠠᠢ᠌ᠪᠠ᠃

ᠭᠡᠨᠡᠳᠲᠡ ᠭᠦᠳᠡᠭᠡ ᠶᠢᠨ ᠵᠠᠯᠠᠭᠤᠴᠤᠳ ᠬᠤᠳᠠ ᠣᠷᠤᠵᠤ ᠠᠵᠢᠯ ᠡᠷᠢᠭᠦ ᠣᠴᠢᠷ ᠬᠠᠶᠠ ᠦᠭᠡᠶ ᠭᠠᠷᠬᠤ ᠳᠤ ᠡᠭᠡᠴᠢ ᠨᠢ ᠳᠡᠭᠦᠤ ᠳᠡᠭᠡᠨ᠄ 《ᠭᠠᠳᠠᠭᠰᠢ ᠭᠠᠷᠴᠤ ᠠᠵᠢᠯᠯᠠᠪᠠᠯ ᠳᠡᠭᠡᠷ᠎ᠡ ᠪᠠᠢ᠌ᠬᠤ ᠡ》 ᠭᠡᠪᠡ᠃ ᠠᠪᠣ ᠡᠵᠢ ᠨᠢ ᠴᠤ ᠵᠦᠪᠰᠢᠶᠠᠷᠠᠵᠤ ᠪᠠᠭᠡᠵᠢᠩ ᠳ᠋ᠠᠭᠢ ᠲᠦᠷᠦᠯ ᠳᠡᠭᠡᠨ ᠬᠤᠯᠪᠣᠭ᠎ᠠ ᠠᠪᠴᠤ ᠭᠦᠤ ᠪᠠᠨ ᠶᠠᠪᠣᠭᠤᠯᠤᠭᠰᠠᠨ ᠨᠢ ᠡᠨᠡ ᠪᠢᠯᠠ᠃

ᠬᠤᠷᠢ ᠭᠦᠷᠳᠡᠯ᠎ᠡ ᠬᠤᠯᠠ ᠶᠠᠪᠣᠵᠤ ᠥᠵᠡᠭᠡ ᠦᠭᠡᠶ ᠭᠦᠰᠡᠯ ᠭᠦᠮᠤᠨ ᠤ ᠭᠠᠵᠠᠷ ᠭᠠᠭᠴᠠᠭᠠᠷᠳᠠᠨ ᠣᠢ᠌ᠤᠠᠴᠤ ᠭᠡᠰᠡᠭ᠌ ᠵᠠᠷᠢᠮ ᠳᠠᠭᠠᠨ ᠡᠳᠦᠷ ᠳᠤᠵᠢ ᠥᠭᠡ ᠳᠠᠭᠤ ᠦᠭᠡᠶ ᠶᠠᠪᠣᠳᠠᠭ᠂ ᠨᠢᠭᠡ ᠡᠳᠦᠷ ᠭᠦᠰᠡᠯ ᠳᠤᠤᠷ ᠰᠦᠯᠵᠢᠶᠠᠨ ᠤ ᠡᠭᠦᠳᠡ ᠪᠠᠷ ᠥᠩᠭᠡᠷᠡᠭᠦ ᠳᠡᠭᠡᠨ ᠳᠠᠭᠤ ᠰᠤᠨᠤᠰᠬᠤ ᠭᠡᠵᠤ ᠳᠤᠳᠤᠭᠰᠢ ᠣᠷᠤᠨ ᠵᠢᠵᠢᠭ᠌ ᠰᠤᠨᠤᠰᠤᠭᠤᠷ ᠢ ᠴᠢᠭᠢᠨ ᠳᠡᠭᠡᠨ ᠰᠢᠷᠭᠤᠭᠤᠯᠪᠠ᠃ ᠣᠶᠠᠩᠭ᠋᠎ᠠ ᠳᠠᠭᠤ ᠬᠠᠩᠭᠢᠨᠠᠵᠤ᠂ ᠣᠷᠮ᠎ᠠ ᠰᠡᠳᠭᠢᠯ ᠢ ᠭᠦᠭ᠍ᠵᠢᠭᠡᠨ᠎ᠡ᠃ ᠭᠦᠰᠡᠯ 《ᠪᠢᠴᠢᠬᠠᠨ ᠪᠣᠯᠵᠤᠮᠤᠷ》 ᠭᠡᠰᠡᠨ ᠰᠦᠯᠵᠢᠶᠠᠨ ᠤ ᠨᠠᠷ᠎ᠠ ᠪᠠᠷ ᠭᠦᠮᠦᠰ ᠲᠡᠶ ᠰᠡᠳᠭᠢᠯ ᠶᠢᠡᠨ ᠰᠤᠯᠢᠯᠴᠠᠵᠤ ᠡᠭᠢᠯᠡᠪᠡ᠃ ᠳᠠᠮᠠᠢ ᠣᠳᠠᠭᠰᠠᠨ ᠦᠭᠡᠶ ᠲᠤᠩ ᠣᠯᠠᠨ ᠰᠦᠯᠵᠢᠶᠠᠨ ᠤ ᠬᠠᠨᠢ ᠲᠡᠶ ᠪᠣᠯᠵᠤ᠂ 《ᠣᠷᠠᠨ ᠬᠠᠴᠢᠨ》 ᠭᠡᠭᠦ ᠴᠡᠭᠡᠯᠭᠡᠨ ᠬᠤᠭᠤᠯᠠᠢ ᠲᠡᠶ ᠡᠮᠦᠨᠡᠳᠤ ᠣᠷᠤᠨ ᠤ ᠨᠢᠭᠡ ᠦᠬᠢᠨ ᠲᠡᠶ ᠨᠠᠯᠢᠶᠠᠤᠨ ᠣᠳᠠᠭᠠᠨ ᠶᠠᠷᠢᠯᠴᠠᠪᠠ᠃ ᠢᠩᠭᠢᠭ᠍ᠰᠡᠨ ᠴᠢᠨᠢ ᠰᠡᠳᠭᠢᠯ ᠰᠠᠨᠠᠭ᠎ᠠ ᠨᠢ ᠶᠡᠭᠡᠳᠡ ᠳᠠᠯᠪᠢᠷᠠᠵᠤ᠂ ᠡᠨᠡᠭᠦ 《ᠣᠷᠠᠨ ᠬᠠᠴᠢᠨ》 ᠭᠡᠭᠦ ᠡᠶᠡᠯᠰᠡᠭ᠌ ᠳᠠᠭᠤᠨ ᠳᠤ ᠣᠴᠢᠷ ᠦᠭᠡᠶ ᠰᠡᠳᠭᠢᠯ ᠭᠦᠳᠡᠯᠵᠤ᠂ ᠰᠡᠭᠦᠯᠡᠷ ᠨᠢ ᠪᠦᠷ ᠳᠡᠭᠦᠨ ᠲᠡᠶ ᠴᠠᠭ ᠳᠤᠭᠢᠷᠠᠵᠤ ᠶᠠᠷᠢᠯᠴᠠᠬᠤ ᠪᠣᠯᠪᠠ᠃ ᠳᠠᠷᠠ ᠦᠬᠢᠨ ᠴᠤ ᠪᠣᠯᠵᠤᠭ᠎ᠠ ᠶᠤᠰᠤᠭᠠᠷ ᠭᠦᠰᠡᠯ ᠤᠨ 《ᠶᠠᠷᠢᠯᠴᠠᠬᠤ ᠳᠠᠰᠤᠭ》 ᠲᠤ ᠢᠯᠠᠷᠠᠵᠤ ᠯᠠ ᠪᠠᠢ᠌ᠬᠤ ᠪᠣᠯᠪᠠ᠃ ᠢᠩᠭᠢᠭᠡᠳ ᠬᠤᠶᠠᠷ ᠰᠠᠷ᠎ᠠ ᠥᠩᠭᠡᠷᠡᠭᠦ ᠳᠤ ᠬᠤᠶᠠᠭᠤᠯᠠ ᠶᠢᠨ ᠬᠤᠭᠤᠷᠤᠠᠳᠠᠭᠢ ᠵᠠᠢ ᠣᠯᠠᠮ ᠣᠢ᠌ᠷᠠᠳᠴᠤ ᠭᠡᠷ ᠨᠤᠳᠤᠭ ᠶᠢᠡᠨ ᠴᠤ ᠶᠠᠷᠢᠯᠴᠠᠬᠤ ᠪᠣᠯᠵᠠᠢ᠃ ᠳᠠᠷᠠ ᠦᠬᠢᠨ ᠤ ᠦᠨᠡᠨ ᠨᠠᠷ᠎ᠠ ᠨᠢ ᠣᠷᠢᠬᠠᠨ ᠭᠡᠳᠡᠭ᠌᠃ ᠭᠤᠷᠪᠠᠨ ᠵᠢᠯ ᠤᠨ ᠡᠮᠦᠨ᠎ᠡ ᠳᠠᠳᠠᠨ ᠤ ᠭᠢᠨ ᠰᠢᠨ᠎ᠠ ᠽᠢᠨᠯᠠᠠᠳ᠋ ᠳᠤ ᠣᠴᠢᠵᠤ ᠨᠤᠳᠤᠭᠰᠢᠭᠰᠠᠨ ᠪᠦᠭᠡᠳ ᠳᠠᠠᠳᠠ ᠨᠢᠭᠡ ᠳᠤᠮᠤ ᠬᠤᠪᠴᠠᠰᠤᠨ ᠳᠡᠯᠭᠡᠭᠦᠷ ᠡᠷᠭᠢᠯᠡᠵᠤ ᠪᠠᠢ᠌ᠭ᠎ᠠ᠃ ᠠᠪᠣ ᠨᠢ ᠮᠠᠢ᠌ᠮᠠᠢ᠌ᠴᠢᠨ᠂ ᠡᠵᠢ ᠨᠢ ᠨᠠᠷᠠᠳᠤ ᠵᠢᠷᠤᠭ ᠳᠦᠯᠦᠪᠯᠡᠭᠡᠴᠢ᠃ ᠣᠷᠢᠬᠠᠨ ᠳᠦᠩᠭᠡᠵᠢ ᠬᠤᠷᠢ ᠭᠦᠷᠴᠤ ᠪᠠᠢ᠌ᠪᠠᠴᠤ ᠡᠷᠭᠢᠯᠡᠭ᠍ᠴᠢ ᠶᠢᠨ ᠬᠠᠪᠰᠤᠷᠤᠭᠴᠢ᠃ ᠭᠡᠳᠡᠯ᠎ᠡ ᠦᠨᠦᠭᠢ ᠶᠢᠨ ᠪᠠᠶᠠᠨ ᠡᠷᠭᠢᠮ ᠠᠮᠢᠳᠤᠷᠠᠯ ᠨᠢ ᠳᠡᠭᠦᠨ ᠳᠤ ᠪᠠᠶᠠᠷ ᠴᠠᠩᠭᠡᠯ ᠢ ᠠᠪᠴᠢᠷᠠᠵᠤ ᠴᠢᠳᠠᠳᠠᠭ ᠦᠭᠡᠶ᠂ ᠳᠠᠷᠠ ᠥᠷᠭᠦᠯᠵᠢ ᠣᠯᠤᠰ ᠣᠷᠤᠨ ᠶᠢᠡᠨ ᠰᠠᠨᠠᠵᠤ᠂ ᠴᠦᠩᠴᠢᠩ ᠳᠤ ᠪᠠᠢ᠌ᠭ᠎ᠠ ᠪᠠᠭ᠎ᠠ ᠶᠢᠨ ᠨᠠᠢ᠌ᠵᠠ ᠨᠥᠭᠦᠤᠨ ᠶᠢᠡᠨ ᠳᠤᠷᠠᠰᠴᠤ ᠰᠠᠨᠠᠭᠠᠯᠵᠠᠳᠠᠭ᠃

ᠰᠢᠨ᠎ᠠ ᠽᠢᠨᠯᠠᠠᠳ᠋ ᠊᠊᠊᠊᠊᠊᠊᠊᠊᠊᠊᠊᠊᠊᠊ ᠰᠤᠷᠭᠠᠭᠤᠯᠢ ᠳᠤ ᠪᠠᠢ᠌ᠬᠤ ᠳᠤ ᠭᠠᠵᠠᠷ ᠵᠦᠢ᠌ ᠶᠢᠨ ᠭᠢᠴᠢᠶᠡᠯ ᠳᠡᠭᠡᠷ᠎ᠡ ᠰᠤᠷᠴᠤ ᠪᠠᠢ᠌ᠭᠰᠠᠨ ᠳᠠᠯᠠᠢ ᠳᠡᠭᠡᠷᠡᠭᠢ ᠠᠷᠠᠯ ᠤᠨ ᠣᠯᠤᠰ᠃ ᠳᠠᠷᠠ ᠴᠢᠨᠢ ᠭᠠᠳᠠᠭᠠᠳᠤ᠁ ᠢᠩᠭᠢᠵᠤ ᠣᠯᠤᠰ ᠤᠨ ᠭᠠᠳᠠᠨ᠎ᠠ ᠳᠤᠮᠤ ᠮᠠᠢ᠌ᠮᠠᠢ ᠡᠷᠭᠢᠭᠦᠯᠵᠤ ᠪᠠᠢ᠌ᠭ᠎ᠠ ᠪᠠᠶᠠᠨ ᠠᠢ᠌ᠯ ᠤᠨ ᠡᠷᠭᠢᠮ ᠦᠬᠢᠨ ᠲᠡᠶ ᠵᠦᠪᠭᠡᠨ ᠰᠦᠯᠵᠢᠶᠠᠨ ᠳᠡᠭᠡᠷ᠎ᠡ ᠯᠠ ᠨᠠᠢ᠌ᠵᠠᠯᠠᠵᠤ ᠪᠣᠯᠤᠨ᠎ᠠ ᠳ᠋ᠠ᠂ ᠡᠡᠭ᠌ ᠤᠨ ᠠᠮᠢᠳᠤᠷᠠᠯ ᠳᠤ ᠪᠣᠯ ᠥᠭᠡ ᠰᠤᠯᠢᠯᠴᠠᠬᠤ ᠬᠤᠪᠢ ᠢᠷᠦᠭᠡᠯ ᠴᠤ ᠪᠠᠢ᠌ᠬᠤ ᠦᠭᠡᠶ ᠪᠠᠢ᠌ᠯᠭᠦᠢ ᠭᠡᠵᠤ ᠭᠦᠰᠡᠯ ᠳᠤᠳᠤᠷ᠎ᠠ ᠪᠠᠨ ᠪᠣᠳᠤᠵᠤ ᠶᠠᠪᠣᠳᠠᠭ ᠴᠤ ᠳᠠᠳᠠᠨ ᠤ ᠭᠠᠭᠴᠠᠭᠠᠷᠳᠠᠭᠰᠠᠨ ᠰᠡᠳᠭᠢᠯ ᠨᠢ ᠠᠳᠠᠯᠢᠬᠠᠨ ᠪᠣᠯᠬᠤᠷ ᠣᠷᠢᠬᠠᠨ ᠲᠡᠶ ᠰᠦᠯᠵᠢᠶᠠᠨ ᠤ ᠬᠤᠪᠢ ᠪᠠᠨ ᠳᠠᠰᠤᠯᠬᠤ ᠳᠤᠷ᠎ᠠ ᠦᠭᠡᠶ ᠪᠠᠢ᠌ᠪᠠ᠃ 2004 ᠤᠨ ᠤ 5 ᠰᠠᠷ᠎ᠠ ᠳᠤ ᠭᠦᠰᠡᠯ ᠭᠦᠳᠡᠭᠡ ᠨᠤᠳᠤᠭ ᠲᠠᠭᠠᠨ ᠬᠠᠷᠢᠪᠠ᠃ ᠬᠠᠷᠢᠭᠰᠠᠨ ᠤ ᠳᠠᠷᠠᠭ᠎ᠠ ᠡᠳᠦᠷ ᠨᠢ ᠭᠡᠷ ᠤᠨ ᠭᠢᠨᠢ ᠣᠳᠠᠰᠤ ᠳᠤᠤᠭᠠᠷᠬᠤ ᠳᠤ ᠭᠦᠰᠡᠯ ᠳᠤᠰᠤᠭᠰᠠᠨ ᠳᠤ ᠳᠠᠨᠢᠯ ᠳᠠᠰᠤᠯ ᠪᠣᠯᠤᠭᠰᠠᠨ ᠣᠷᠢᠬᠠᠨ ᠤ ᠡᠶᠡᠯᠰᠡᠭ᠌ ᠳᠠᠭᠤᠨ ᠴᠤᠤᠷᠢᠶᠠᠳᠤᠵᠤ ᠭᠦᠰᠡᠯ ᠢ ᠡᠷᠢᠵᠤ ᠪᠠᠢ᠌ᠪᠠ᠃

᠊᠊᠊᠊᠊᠊᠊᠊᠊᠊᠊᠊᠊᠊᠊ ᠣᠷᠠᠨ ᠬᠠᠴᠢᠨ ᠡ᠂ ᠮᠢᠨᠤ ᠠᠪᠠᠬᠠᠢ ᠴᠢᠯᠦᠭᠡᠳᠡᠢ ᠪᠣᠯᠴᠢᠬᠠᠪᠠᠤ︖ ᠭᠡᠰᠡᠨ ᠶᠢᠡᠨ 《ᠥ ᠁ ᠦᠭᠡᠶ᠂ ᠡᠨᠡ ᠴᠢᠨᠢ ᠰᠦᠯᠵᠢᠶ᠎ᠠ ᠪᠢᠰᠢ᠃ ᠪᠢ ᠁ ᠴᠢ ᠬᠠᠮᠢᠭ᠎ᠠ ᠪᠠᠢ᠌ᠬᠤ ᠶᠤᠮ ᠪᠣᠢ︖》 ᠭᠡᠵᠤ ᠦᠪᠡᠷ ᠤᠨ ᠪᠠᠴᠢᠮᠳᠠᠭᠰᠠᠨ ᠳᠠᠭᠠᠨ ᠢᠨᠢᠶᠠᠳᠤ ᠠᠯᠳᠠᠪᠠ᠃

᠊᠊᠊᠊᠊᠊᠊᠊᠊᠊᠊᠊᠊᠊᠊ 《ᠰᠢᠨ᠎ᠠ ᠽᠢᠨᠯᠠᠠᠳ᠋》 ᠭᠡᠭᠦ ᠶᠢ ᠰᠤᠨᠤᠰᠤᠭᠠᠤᠨ ᠭᠦᠰᠡᠯ ᠨᠠᠯᠢᠶᠠᠤᠨ ᠣᠳᠠᠭᠠᠤᠨ ᠰᠠ‍‌ᠶᠢ ᠰᠡᠷᠭᠦᠵᠤ᠂ ᠳᠦᠭ᠌ ᠳᠦᠭ᠌ ᠳᠦᠭ᠍ᠰᠢᠭᠦ ᠵᠢᠷᠦᠭᠡ ᠪᠠᠨ ᠳᠠᠷᠤᠵᠤ ᠶᠠᠳᠠᠨ᠄

᠊᠊᠊᠊᠊᠊᠊᠊᠊᠊᠊᠊᠊᠊᠊ ᠡᠨᠡ ᠴᠢᠨᠢ ᠣᠯᠤᠰ ᠤᠨ ᠭᠠᠳᠠᠨ᠎ᠠ ᠡᠴᠡ ᠮᠠᠨ ᠤ ᠭᠡᠷ ᠲᠤ ᠢᠷᠠᠵᠤ ᠪᠠᠢ᠌ᠭ᠎ᠠ ᠬᠠᠮᠤᠭ ᠠᠩᠬᠠᠨ ᠤ ᠣᠳᠠᠰᠤ ᠰᠢᠤ︕ ᠭᠡᠵᠤ ᠬᠠᠰᠭᠢᠷᠠᠪᠠ᠃

᠊᠊᠊᠊᠊᠊᠊᠊᠊᠊᠊᠊᠊᠊᠊ ᠨᠠᠢ᠌ᠵᠠ ᠮᠢᠨᠢ᠂ ᠡᠭᠦᠨ ᠡᠴᠡ ᠬᠣᠢ᠌ᠰᠢ ᠪᠢ ᠥᠷᠭᠦᠯᠵᠢ ᠣᠳᠠᠰᠤᠳᠠᠬᠤ ᠶᠤᠮ᠃ ᠴᠢ ᠤᠷᠤᠢ ᠪᠣᠯᠭᠠᠨ ᠭᠦᠯᠢᠶᠡᠵᠤ ᠪᠠᠢ᠌ᠭᠠᠷᠠᠢ︕ ᠭᠡᠵᠤ ᠣᠷᠢᠬᠠᠨ ᠴᠤ ᠪᠠᠶᠠᠷᠳᠠᠢ ᠶᠠᠷᠢᠨ᠎ᠠ᠃

ᠪᠦᠭᠦ ᠪᠠᠷᠢᠭᠠᠳᠠ ᠪᠠᠷ ᠶᠢᠡᠨ ᠣᠳᠠᠰᠤ ᠨᠡᠪᠳᠡᠷᠡᠭ᠍ᠰᠡᠨ ᠡᠴᠡ ᠬᠣᠢ᠌ᠰᠢ ᠭᠦᠰᠡᠯ ᠤᠨ ᠳᠤ ᠣᠯᠤᠰ ᠤᠨ ᠭᠠᠳᠠᠨ᠎ᠠ ᠡᠴᠡ ᠪᠠᠢ᠌ᠳᠤᠭᠠᠢ᠂ ᠰᠤᠮᠤ ᠬᠤᠰᠢᠭᠤᠨ ᠡᠴᠡ ᠴᠤ ᠳᠠᠮᠠᠢ ᠬᠤᠶᠠᠷ ᠢᠷᠡᠳᠡᠭ᠌ ᠦᠭᠡᠶ᠃ ᠭᠡᠳᠡᠯ᠎ᠡ ᠣᠳᠤ ᠤᠷᠤᠢ ᠪᠣᠯᠭᠠᠨ ᠬᠤᠶᠠᠷ ᠣᠯᠤᠰ ᠲᠤ ᠪᠠᠢ᠌ᠭ᠎ᠠ ᠬᠤᠶᠠᠷ ᠭᠦᠮᠤᠨ ᠤ ᠪᠣᠳᠤᠯ ᠰᠡᠳᠭᠢᠯ ᠢ ᠴᠠᠭ ᠭᠢᠷᠢ ᠳᠠᠮᠵᠢᠭᠤᠯᠵᠤ ᠥᠭ᠍ᠳᠡᠭ᠌ ᠪᠣᠯᠪᠠ᠃ ᠰᠦᠯᠵᠢᠶ᠎ᠠ ᠶᠢ ᠪᠣᠳᠤᠪᠠᠯ ᠳ᠋ᠢᠶᠠᠩᠬᠤᠧᠨ ᠪᠠᠷ ᠶᠠᠷᠢᠯᠴᠠᠬᠤ ᠨᠢ ᠭᠦᠰᠡᠯ ᠳᠤ ᠪᠠᠰᠠ ᠨᠢᠭᠡ ᠵᠣᠢ᠌ᠯ ᠤᠨ ᠵᠢᠷᠭᠠᠯ ᠪᠠᠢ᠌ᠵᠤ᠂ ᠣᠷᠢᠬᠠᠨ ᠨᠠᠩ ᠡᠶᠡᠯᠰᠡᠭ᠌ ᠳᠤᠯᠠᠭᠠᠨ᠂ ᠳᠤᠳᠤᠨᠤᠰᠤᠭ ᠰᠠᠢ᠌ᠬᠠᠨ ᠰᠠᠨᠠᠭᠳᠠᠬᠤ ᠪᠣᠯᠪᠠ᠃

5 ᠰᠠᠷ᠎ᠠ ᠶᠢᠨ 21 ᠳ᠋ᠤ ᠭᠦᠰᠡᠯ ᠣᠷᠢᠬᠠᠨ ᠤ ᠣᠳᠠᠰᠤ ᠶᠢ ᠣᠯᠵᠤ ᠳᠤᠰᠤᠭᠰᠠᠨ ᠦᠭᠡᠶ᠃ ᠳᠠᠷᠠ ᠶᠠᠮᠠᠷ ᠨᠢᠭᠡ ᠶᠠᠭᠤᠮ᠎ᠠ ᠪᠠᠷ ᠵᠢᠷᠦᠭᠡ ᠳᠤᠳᠤᠷ᠎ᠠ ᠪᠦᠭᠦᠳᠡ ᠪᠠᠨ ᠶᠡᠭᠦᠯᠡᠭᠦᠯᠴᠢᠭᠡᠭ᠍ᠰᠡᠨ ᠶᠤᠮ ᠰᠢᠭ ᠭᠢᠵᠤ ᠪᠠᠷᠢᠬᠤ ᠪᠠᠨ ᠣᠯᠵᠤ ᠶᠠᠳᠠᠨ᠂ ᠢᠳᠡᠭᠦ ᠡᠴᠡ ᠠᠮᠳᠠ ᠦᠭᠡᠶ᠂ ᠣᠠᠳᠠᠬᠤ ᠡᠴᠡ ᠨᠣᠢ᠌ᠷ ᠦᠭᠡᠶ ᠪᠣᠯᠵᠤ᠂ ᠭᠡᠷ ᠤᠨ ᠭᠠᠳᠠᠨ᠎ᠠ ᠳᠤᠳᠤᠨ᠎ᠠ ᠭᠡᠳᠤ ᠡᠷᠭᠢᠴᠡᠭ᠍ᠰᠡᠨ ᠶᠢᠡᠨ ᠰᠠᠭᠠᠯᠳᠠ ᠠᠢ᠌ᠯ ᠡᠴᠡ ᠪᠠᠨ ᠮᠤᠲ᠋ᠤᠷ ᠵᠢᠭᠡᠯᠡᠵᠤ ᠰᠦᠨᠢ ᠳᠦᠯᠢ ᠪᠠᠷ ᠬᠤᠰᠢᠭᠤᠨ ᠲᠦᠪ ᠲᠤ ᠣᠷᠤᠵᠤ ᠳᠤᠤᠷ ᠰᠦᠯᠵᠢᠶᠠᠨ ᠤ ᠭᠠᠵᠠᠷ ᠭᠦᠷᠴᠤ 《ᠣᠷᠠᠨ ᠬᠠᠴᠢᠨ》 ᠳᠤ ᠳᠠᠷᠠᠭ᠎ᠠ ᠳᠠᠷᠠᠭ᠎ᠠ ᠪᠠᠷ ᠢᠮᠸᠯ ᠡᠯᠡᠭᠡᠪᠡ᠃ ᠳᠠᠷᠠ ᠢᠮᠸᠯ ᠳᠡᠭᠡᠨ ᠦᠪᠡᠷ ᠤᠨ ᠪᠣᠳᠤᠵᠤ ᠰᠠᠨᠠᠭᠰᠠᠨ ᠶᠢᠡᠨ᠂ ᠭᠡᠷ ᠤᠨ ᠪᠠᠢ᠌ᠳᠠᠯ᠂ ᠦᠪᠡᠷ ᠤᠨ ᠪᠠᠢ᠌ᠳᠠᠯ᠂ ᠨᠤᠳᠤᠭ ᠣᠰᠤ ᠭᠡᠳ ᠣᠤᠯ ᠳᠠᠭᠠᠨ ᠶᠠᠷᠢᠵᠤ ᠥᠩᠭᠡᠷᠡᠭ᠍ᠰᠡᠨ᠂ ᠥᠩᠭᠡᠷᠡᠭ᠍ᠰᠡᠨ ᠦᠭᠡᠶ ᠪᠦᠭᠦᠳᠡ ᠶᠢ ᠳᠤᠭᠠᠴᠢᠵᠤ᠂ ᠡᠢ᠌ᠮᠤ ᠨᠢᠭᠡ ᠭᠦᠮᠤᠨ ᠲᠡᠶ ᠥᠷᠭᠦᠯᠵᠢᠯᠡᠨ ᠬᠠᠷᠢᠯᠴᠠᠬᠤ ᠡᠰᠡᠭᠦ ᠪᠠᠨ ᠳᠤᠳᠤᠷᠬᠠᠢ᠌ᠯᠠᠬᠤ ᠶᠢ ᠭᠦᠰᠡᠮᠵᠢᠯᠡᠭ᠍ᠰᠡᠨ ᠪᠢᠯᠠ᠃ ᠪᠠᠭ᠎ᠠ ᠦᠳᠡ ᠪᠣᠯᠬᠤ ᠳᠤ 《ᠣᠷᠠᠨ ᠬᠠᠴᠢᠨ》 《ᠴᠤᠩᠬᠤᠨ》 ᠳᠤ ᠢᠯᠠᠷᠠᠪᠠ᠃ ᠭᠦᠰᠡᠯ ᠪᠠᠷᠢᠵᠤ ᠪᠠᠢ᠌ᠭᠰᠠᠨ ᠪᠢᠴᠢᠬᠠᠨ ᠰᠤᠨᠤᠰᠤᠭᠤᠷ ᠢ ᠴᠢᠭᠢᠨ ᠳᠡᠭᠡᠨ ᠰᠢᠷᠭᠤᠭᠤᠯᠵᠤ᠂ 《ᠶᠠᠷᠢᠯᠴᠠᠬᠤ ᠳᠠᠰᠤᠭ》 ᠢ ᠳᠤᠪᠴᠢᠳᠠᠬᠤ ᠲᠡᠶ ᠵᠡᠷᠭᠡ᠄ 《ᠪᠢᠴᠢᠬᠠᠨ ᠪᠣᠯᠵᠤᠮᠤᠷ ᠡ ᠁》 ᠭᠡᠳ ᠣᠷᠢᠬᠠᠨ ᠳᠠᠭᠤ ᠳᠠᠯᠪᠢᠨ ᠣᠭᠢᠯᠠᠪᠠ᠃ 《ᠣᠷᠠᠨ ᠬᠠᠴᠢᠨ ᠡ᠂ ᠶᠠᠭᠠᠭᠢᠭᠰᠠᠨ ᠪᠣᠢ︖ ᠣᠷᠢᠬᠠᠨ᠁》 ᠭᠦᠰᠡᠯ ᠴᠤ ᠣᠬᠠᠭᠠᠨ ᠦᠭᠡᠶ ᠰᠠᠠᠳᠤᠷᠠᠪᠠ᠃

ᠣᠤᠯ ᠨᠢ ᠣᠷᠢᠬᠠᠨ ᠤ ᠰᠢᠨ᠎ᠠ ᠽᠢᠨᠯᠠᠠᠳ᠋ ᠳᠠᠭᠢ ᠡᠷᠡᠭ᠍ᠳᠡᠢ ᠨᠠᠢ᠌ᠵᠠ ᠨᠢ ᠭᠦᠰᠡᠯ ᠡᠴᠡ ᠪᠣᠯᠵᠤ ᠳᠡᠭᠦᠨ ᠲᠡᠶ ᠬᠠᠷᠢᠴᠠᠭ᠎ᠠ ᠪᠠᠨ ᠳᠠᠰᠤᠯᠵᠠᠢ᠃ ᠳᠠᠷᠠ ᠪᠣᠯ ᠡᠵᠢ ᠶᠢᠨ ᠭᠢᠨᠢ ᠳᠤᠭᠤᠵᠤ ᠣᠯᠤᠭᠰᠠᠨ 《ᠭᠦᠷᠭᠡᠨ》 ᠪᠣᠯᠬᠤᠷ ᠡᠵᠢ ᠡᠴᠡ ᠪᠠᠨ ᠪᠠᠰᠠ ᠪᠠᠭ᠎ᠠ ᠪᠣᠰᠤ ᠵᠢᠮᠠᠯᠠᠯ ᠭᠦᠷᠳᠡᠵᠡᠢ᠃ ᠭᠦᠰᠡᠯ ᠣᠷᠢᠬᠠᠨ ᠢ ᠲᠤᠩ ᠳᠤᠭᠤᠵᠤ ᠰᠡᠳᠭᠢᠯ ᠳᠡᠭᠡᠨ ᠠᠮᠢᠠᠴᠢᠯᠠᠵᠤ ᠶᠠᠪᠣᠳᠠᠭ ᠪᠣᠯᠬᠤᠷ ᠶᠠᠮᠠᠷ ᠨᠢᠭᠡ ᠬᠠᠷᠢᠭᠤᠴᠠᠯᠭ᠎ᠠ ᠦᠭᠡᠶ ᠥᠭᠡ ᠶᠢ ᠳᠤᠷ᠎ᠠ ᠪᠠᠷ ᠶᠠᠷᠢᠵᠤ ᠴᠢᠳᠠᠭᠰᠠᠨ ᠦᠭᠡᠶ ᠵᠦᠪᠭᠡᠨ ᠰᠡᠳᠭᠢᠯ ᠰᠡᠷᠭᠦᠭᠡᠭᠦ ᠬᠤᠶᠠᠷ ᠥᠭᠡ ᠶᠠᠷᠢᠪᠠ᠃ 《ᠨᠠᠳᠠᠳᠤ ᠪᠠᠷ᠎ᠠ ᠪᠣᠯᠤᠭᠰᠠᠨ ᠳᠤ ᠪᠠᠶᠠᠷᠯᠠᠯ᠎ᠠ᠂ ᠮᠠᠷᠭᠠᠰᠢ ᠪᠢ ᠢᠮᠸᠯ ᠶᠠᠪᠣᠭᠤᠯᠤᠶ᠎ᠠ》 ᠭᠡᠳ ᠣᠷᠢᠬᠠᠨ ᠰᠦᠯᠵᠢᠶᠠᠨ ᠡᠴᠡ ᠪᠠᠭᠤᠪᠠ᠃ ᠭᠦᠰᠡᠯ ᠡᠨᠡ ᠦᠶ᠎ᠡ ᠣᠷᠢᠬᠠᠨ ᠳᠡᠭᠦᠨ ᠡᠴᠡ ᠲᠤᠩ ᠬᠤᠯᠠ ᠪᠠᠢ᠌ᠬᠤ ᠶᠢ ᠣᠢ᠌ᠯᠠᠭᠠᠵᠤ᠂ ᠳᠡᠭᠦᠨ ᠳᠤ ᠶᠠᠮᠠᠷ ᠭᠦᠴᠢᠷᠳᠡᠯ ᠳᠤᠯᠭᠠᠷᠠᠭᠰᠠᠨ ᠴᠤ ᠦᠪᠡᠷ ᠶᠢᠡᠨ ᠬᠤᠷᠤᠭᠤᠨ ᠳᠠᠳᠤᠢ ᠬᠠᠪᠰᠤᠷᠤᠯᠭ᠎ᠠ ᠥᠵᠡᠭᠦᠯᠵᠤ ᠳᠡᠢ᠌ᠯᠭᠦ ᠦᠭᠡᠶ ᠳ᠋ᠠ ᠭᠡᠭᠦ ᠡᠴᠡ ᠭᠦᠭ᠍ᠰᠡᠨ ᠪᠠᠶᠠᠰᠴᠤ ᠪᠠᠢ᠌ᠭᠰᠠᠨ ᠰᠡᠳᠭᠢᠯ ᠨᠢ ᠮᠠᠨᠠᠨ ᠪᠣᠳᠠᠩ ᠳᠠᠳᠠᠵᠤ ᠰᠠᠭᠤᠭᠰᠠᠨ ᠴᠡᠭ᠌ ᠲᠡᠭᠡᠨ ᠮᠠᠯᠠᠷᠠᠨ᠎ᠠ᠃

《ᠭᠠᠵᠠᠷ ᠣᠷᠤᠨ ᠤ ᠵᠠᠢ ᠪᠠᠷ ᠬᠤᠶᠠᠭᠤᠯᠠ ᠲᠦᠷ ᠠᠭᠤᠯᠵᠠᠬᠤ ᠠᠷᠭ᠎ᠠ ᠦᠭᠡᠶ ᠴᠤ ᠪᠢ ᠬᠤᠵᠢᠮ ᠤᠨ ᠠᠮᠢᠳᠤᠷᠠᠯ ᠳᠠᠭᠠᠨ ᠲᠤᠩ ᠢᠳᠠᠭᠡᠯ ᠲᠡᠶ ᠪᠠᠢ᠌ᠨ᠎ᠠ᠂ ᠪᠢᠳᠠᠨ ᠤ ᠢᠷᠡᠭᠡᠳᠦᠢ ᠯᠠᠪ ᠰᠠᠷᠠᠭᠤᠯ ᠳᠠᠷᠳᠠᠩ᠁》 ᠭᠡᠭᠦ ᠣᠷᠢᠬᠠᠨ ᠤ ᠢᠮᠸᠯ ᠭᠦᠰᠡᠯ ᠤᠨ ᠰᠡᠳᠭᠢᠯ ᠤᠨ ᠰᠦᠶ᠎ᠠ ᠶᠢ ᠳᠠᠭᠢᠨ ᠠᠮᠢᠯᠠᠭᠤᠯᠪᠠ᠃ ᠠᠮᠢᠳᠤᠷᠠᠯ ᠳᠤᠮᠳᠠ ᠵᠦᠪᠭᠡᠨ ᠳᠡᠭᠦᠨ ᠳᠤ ᠯᠠ ᠬᠠᠷᠢᠶᠠᠯᠠᠭᠳᠠᠬᠤ ᠪᠢᠴᠢᠬᠠᠨ ᠠᠷᠠᠯ ᠲᠡᠶ ᠪᠣᠯᠤᠭᠰᠠᠨ ᠰᠢᠭ ᠭᠦᠭ᠍ᠰᠡᠨ ᠭᠦᠭᠡᠷᠴᠤ ᠦᠪᠡᠷ ᠶᠢᠡᠨ ᠴᠤ ᠢᠳᠡᠭᠡᠳᠡᠭ᠌ ᠦᠭᠡᠶ ᠰᠦᠯᠵᠢᠶᠠᠨ ᠤ ᠢᠨᠠᠭᠯᠠᠯ ᠢ ᠡᠭᠢᠯᠡᠭᠦᠯᠪᠡ᠃

ᠣᠷᠢᠬᠠᠨ ᠳᠡᠭᠦᠨ ᠤ ᠳᠠᠭᠤᠤ ᠶᠢ ᠰᠤᠨᠤᠰᠬᠤ ᠳᠤᠷᠠᠳᠠᠢ ᠪᠣᠯᠬᠤᠷ ᠳᠤᠰᠬᠠᠢ ᠳᠠᠭᠤᠤ ᠰᠢᠩᠭᠡᠭᠡᠯᠳᠡ ᠶᠢᠨ ᠭᠠᠵᠠᠷ ᠭᠦᠷᠴᠤ ᠦᠪᠡᠷ ᠤᠨ ᠶᠢᠡᠨ ᠺᠠᠰᠲ᠋ ᠭᠠᠷᠭᠠᠵᠤ ᠰᠢᠤᠳᠠᠨ ᠶᠢᠡᠷ ᠢᠯᠡᠭᠡᠪᠡ᠃ ᠳᠠᠷᠠ ᠢᠩᠭᠢᠵᠤ ᠦᠪᠡᠷ ᠤᠨ ᠭᠢᠨᠢ ᠳᠠᠭᠤᠤ ᠴᠠᠭ ᠢᠮᠠᠭᠳᠠ ᠣᠷᠢᠬᠠᠨ ᠤ ᠬᠠᠵᠠᠭᠤ ᠳᠤ ᠪᠠᠢ᠌ᠬᠤ ᠶᠢ ᠭᠦᠰᠡᠭ᠍ᠰᠡᠨ ᠮᠥᠷᠳᠡᠭᠡᠨ ᠰᠦᠯᠵᠢᠶᠠᠨ ᠳᠤ ᠭᠠᠷᠬᠤ ᠪᠡᠯᠡᠳᠭᠡᠯ ᠳᠡᠭᠡᠨ ᠨᠠᠩ ᠭᠢᠨᠠᠮᠠᠭᠠᠢ ᠪᠣᠯᠵᠤ᠂ ᠶᠠᠭ ᠯᠠ ᠭᠦᠳᠦᠯᠦᠭ᠍ᠴᠢ ᠰᠢᠭ᠌ ᠰᠠᠳᠤᠪ ᠰᠤᠩᠭ᠋ᠤᠵᠤ ᠥᠭᠡ ᠶᠠᠷᠢᠶ᠎ᠠ ᠪᠠᠨ ᠪᠣᠯᠪᠠᠰᠤᠷᠠᠨ᠂ ᠬᠤᠭᠤᠯᠠᠢ᠌ ᠶᠢᠨ ᠥᠩᠭᠡ ᠪᠠᠨ ᠴᠤ ᠠᠩᠬᠠᠷᠤᠭᠰᠠᠨ ᠶᠢᠡᠷ ᠪᠠᠷᠠᠬᠤ ᠦᠭᠡᠶ ᠨᠤᠮ ᠱᠠᠭᠠᠢ᠌ᠬᠤ ᠡᠴᠡ ᠬᠠᠯᠠᠰᠢᠷᠠᠳᠠᠭ ᠵᠠᠩ ᠨᠢ ᠴᠤ ᠥᠭᠡᠷᠴᠢᠯᠡᠭ᠍ᠳᠡᠵᠤ ᠨᠠᠷᠠᠳᠠᠢ ᠰᠢᠯᠦᠭ᠌ ᠵᠤᠬᠢᠶᠠᠯ ᠢ ᠪᠦᠷ ᠴᠢᠭᠡᠵᠢᠯᠡᠭᠦ ᠪᠣᠯᠪᠠ᠃

ᠬᠤᠰᠢᠭᠤᠨ ᠲᠦᠪ ᠡᠴᠡ ᠪᠣᠴᠠᠭᠰᠠᠨ ᠤ ᠳᠠᠷᠠᠭ᠎ᠠ ᠭᠦᠰᠡᠯ ᠦᠰᠦᠳ ᠥᠭᠡᠷ᠎ᠡ ᠨᠢᠭᠡ ᠭᠦᠮᠤᠨ ᠪᠣᠯᠵᠤ ᠡᠷᠳᠡᠯᠡᠵᠤ ᠣᠷᠣᠢ᠌ᠯᠠᠨ᠂ ᠰᠦᠨᠢ ᠳᠦᠯᠢ ᠪᠣᠯᠳᠠᠯ᠎ᠠ ᠨᠤᠮ ᠰᠡᠳᠭᠦᠯ ᠣᠷᠪᠠᠭᠤᠯᠵᠤ᠂ ᠭᠡᠰᠡᠭ᠌ ᠵᠠᠷᠢᠮ ᠳᠠᠭᠠᠨ ᠥᠷᠦᠭᠡᠨ ᠳᠡᠭᠡᠨ ᠣᠷᠤᠵᠤ ᠡᠭᠦᠳᠡ ᠪᠠᠨ ᠳᠦᠭ᠍ᠵᠢᠭᠡᠳ ᠰᠠᠭᠤᠴᠢᠬᠠᠳᠠᠭ ᠪᠣᠯᠪᠠ᠃ ᠭᠡᠷ ᠤᠨ ᠭᠦᠮᠦᠰ ᠨᠢ ᠣᠴᠢᠷ ᠣᠬᠠᠭᠠᠨ ᠢ ᠨᠢ ᠣᠯᠬᠤ ᠭᠡᠵᠤ ᠠᠰᠠᠭᠤᠪᠠᠯ ᠥᠭᠡ ᠰᠢᠯᠦᠭ᠌ ᠦᠭᠡᠶ ᠵᠥᠭᠡᠷ ᠯᠠ ᠢᠨᠢᠶᠡᠮᠰᠦᠭᠯᠡᠭᠡᠳ ᠥᠩᠭᠡᠷᠡᠭᠦ ᠶᠤᠮ᠂ ᠶᠠᠭᠤ ᠴᠤ ᠭᠦᠤ ᠨᠢ ᠪᠠᠶᠠᠷ ᠳᠦᠭᠦᠷᠡᠩ ᠶᠠᠪᠣᠵᠤ ᠪᠠᠢ᠌ᠬᠤ ᠪᠣᠯᠬᠤᠷ ᠠᠪᠣ ᠡᠵᠢ ᠬᠤᠶᠠᠷ ᠨᠢ 《ᠪᠠᠶᠠᠷ ᠲᠡᠶ ᠪᠣᠯ ᠪᠣᠯᠴᠢᠬᠠᠨ᠎ᠠ》᠂ 《ᠣᠳᠠᠬᠤ ᠦᠭᠡᠶ ᠪᠠᠷᠢ ᠶᠢᠨ ᠪᠠᠷ᠎ᠠ ᠥᠵᠡᠴᠢᠭᠡᠭᠦ ᠴᠤ ᠮᠠᠭᠠᠤᠨ》 ᠭᠡᠳ ᠬᠤᠭᠤᠷᠤᠠᠳᠤ ᠪᠠᠨ ᠶᠠᠷᠢᠯᠴᠠᠭᠠᠤᠨ ᠥᠩᠭᠡᠷᠡᠳᠡᠭ᠌᠃ ᠡᠭᠡᠴᠢ ᠨᠢ ᠯᠠ ᠰᠤᠨᠢᠭᠤᠴᠠᠵᠤ᠂ ᠶᠠᠭᠤᠮ᠎ᠠ ᠪᠣᠯᠭᠠᠨ ᠢ ᠣᠬᠤᠴᠢᠯᠠᠳᠠᠭ ᠪᠦᠭᠡᠳ ᠬᠤᠰᠢᠭᠤ ᠣᠷᠤᠬᠤ ᠭᠡᠭ᠍ᠰᠡᠭᠡᠷ ᠄ 《ᠪᠠᠰᠠ ᠶᠠᠪᠣᠨ᠎ᠠ ᠦᠦ︖ ᠶᠠᠭᠤ ᠭᠢᠭᠦ ᠪᠣᠢ︖ ᠨᠠᠳᠠᠳᠤ ᠨᠢᠭᠡ ᠶᠠᠭᠤᠮ᠎ᠠ ᠠᠪᠴᠢᠷᠠ᠂ ᠦᠭᠡᠶ ᠪᠣᠯ ᠶᠠᠪᠣᠭᠠᠤᠨ ᠶᠠᠭᠤ ᠭᠢᠭᠦ ᠪᠠᠨ ᠭᠡᠯᠡᠭᠦ ᠭᠡᠷᠡᠭ᠍ᠳᠡᠢ᠂ ᠠᠯᠢ ᠡᠰᠡᠭᠦᠯ᠎ᠡ 〈ᠪᠠᠷᠢ〉 ᠣᠯᠤᠭᠰᠠᠨ ᠪᠣᠯ ᠨᠠᠳᠠᠳᠤ ᠰᠡᠭᠦᠳᠡᠷ ᠢ ᠨᠢ ᠥᠵᠡᠭᠦᠯ》᠂ 《ᠠᠷᠠᠢ ᠳᠠᠷᠠ ᠰᠢᠨ᠎ᠠ ᠽᠢᠯᠠᠠᠳ᠋ ᠶᠢᠨ ᠦᠬᠢᠨ ᠢ ᠣᠯᠬᠤ ᠭᠡᠵᠤ ᠪᠠᠢ᠌ᠬᠤ ᠦᠭᠡᠶ ᠪᠠ︖》 ᠭᠡᠳ ᠣᠬᠤᠴᠢᠯᠠᠭᠠᠤᠨ ᠪᠠᠢ᠌ᠬᠤᠯᠠᠷ ᠦᠨᠡᠨ ᠶᠢᠡᠨ ᠶᠠᠷᠢᠵᠠᠢ᠃

ᠡᠭᠡᠴᠢ ᠨᠢ ᠠᠩᠬ᠎ᠠ ᠡᠭᠢᠯᠡᠭ᠍ᠰᠡᠭᠡᠷ ᠶᠠᠷᠤ ᠢᠳᠡᠭᠡᠭ᠍ᠰᠡᠨ ᠦᠭᠡᠶ ᠭᠡᠪᠠᠴᠤ ᠰᠡᠭᠦᠯᠳᠡᠵᠤ ᠢᠷᠡᠭᠡᠳ ᠪᠠᠢ᠌ᠳᠠᠯ ᠣᠠᠳᠤᠤ ᠪᠣᠯᠬᠤᠷ ᠳᠡᠭᠦᠤ ᠪᠠᠨ ᠪᠣᠰᠤᠳ ᠲᠤ ᠮᠡᠭᠡᠯᠡᠭ᠍ᠳᠡᠭᠦ ᠪᠣᠢ ᠭᠡᠵᠤ ᠡᠵᠢ ᠳᠡᠭᠡᠨ ᠶᠠᠷᠢᠵᠠᠢ᠃ ᠡᠵᠢ ᠨᠢ ᠰᠤᠨᠤᠰᠤᠭᠠᠤᠨ ᠰᠤᠴᠢᠵᠤ᠄ 《ᠡᠨᠡ ᠴᠢᠨᠢ ᠶᠠᠭᠤ ᠪᠣᠯᠵᠤ ᠪᠠᠢ᠌ᠨ᠎ᠠ ᠪᠣᠢ︖ ᠶᠠᠷᠤ ᠨᠢ ᠡᠨᠡ ᠬᠡᠦᠬᠡᠳ᠁ ᠵᠠ᠂ ᠭᠦᠰᠡᠯ ᠡᠴᠡ ᠠᠰᠠᠭᠤᠶ᠎ᠠ》 ᠭᠡᠳ ᠥᠷᠦᠭᠡᠨ ᠳᠡᠭᠡᠨ ᠣᠷᠤᠪᠠ᠃

᠊᠊᠊᠊᠊᠊᠊᠊᠊᠊᠊᠊᠊᠊᠊ ᠭᠦᠤ ᠮᠢᠨᠢ᠂ ᠴᠢ ᠥᠨᠡᠭᠡᠷ ᠳᠠᠷᠠ ᠰᠢᠨ᠎ᠠ ᠽᠢᠨᠯᠠᠠᠳ᠋ ᠶᠢᠨ᠁ ᠭᠡᠵᠤ ᠡᠵᠢ ᠨᠢ ᠥᠭᠡ ᠪᠠᠨ ᠭᠡᠯᠡᠵᠤ ᠪᠠᠷᠠᠬᠤ ᠡᠴᠡ ᠡᠮᠦᠨ᠎ᠡ ᠭᠦᠰᠡᠯ ᠣᠷᠤ ᠡᠴᠡ ᠪᠠᠨ ᠪᠣᠰᠴᠤ᠄

᠊᠊᠊᠊᠊᠊᠊᠊᠊᠊᠊᠊᠊᠊᠊ ᠡᠭᠡᠴᠢ ᠡᠴᠡ ᠰᠤᠨᠤᠰᠤᠭᠰᠠᠨ ᠪᠠᠢ᠌ᠬᠤ ᠡ᠂ ᠪᠢ ᠪᠠᠰᠠ ᠨᠢᠭᠡ ᠴᠠᠭ ᠣᠯᠵᠤ ᠶᠠᠷᠢᠮᠠᠷ ᠪᠠᠢ᠌ᠭᠰᠠᠨ ᠶᠤᠮ᠃ ᠭᠡᠪᠠᠴᠤ ᠬᠠᠮᠢᠭ᠎ᠠ ᠡᠴᠡ ᠶᠠᠭᠠᠭᠢᠵᠤ ᠶᠠᠷᠢᠭᠰᠠᠨ ᠴᠤ ᠳᠠᠨᠠᠷ ᠣᠢ᠌ᠯᠭᠠᠬᠤ ᠦᠭᠡᠶ ᠶᠤᠮ᠃ ᠡᠵᠢ ᠡ᠂ ᠦᠨᠡᠨ᠁ ᠭᠡᠵᠤ ᠭᠦᠰᠡᠯ ᠥᠭᠡ ᠪᠠᠨ ᠭᠡᠯᠡᠵᠤ ᠪᠠᠷᠠᠬᠤ ᠡᠴᠡ ᠣᠷᠢᠳᠠ᠄

᠊᠊᠊᠊᠊᠊᠊᠊᠊᠊᠊᠊᠊᠊᠊ ᠡᠨ︕ ᠪᠣᠷᠬᠠᠨ ᠡ᠂ ᠪᠢ ᠠᠷᠠᠢ ᠵᠡᠭᠦᠳᠦᠯᠡᠵᠤ ᠦᠭᠡᠶ ᠪᠢᠵᠠ ⁈ ᠭᠡᠮᠡᠨ ᠦᠪᠡᠷ ᠤᠨ ᠭᠦᠤ ᠪᠠᠨ ᠶᠠᠷᠤ ᠣᠯᠵᠤ ᠥᠵᠡᠭ᠍ᠰᠡᠨ ᠦᠭᠡᠶ ᠰᠢᠭ᠌ ᠴᠤᠭᠤᠷᠳᠠᠯ᠎ᠠ ᠰᠢᠷᠳᠡᠭ᠍ᠰᠡᠨ ᠶᠢᠡᠨ᠄

᠊᠊᠊᠊᠊᠊᠊᠊᠊᠊᠊᠊᠊᠊᠊ ᠴᠢ ᠶᠠᠷᠤ ᠨᠢ ᠶᠠᠭᠤ ᠪᠣᠯᠵᠤ ᠪᠠᠢ᠌ᠨ᠎ᠠ ᠪᠣᠢ︖ 《ᠶᠡᠭᠡ ᠰᠠᠨᠠᠬᠤ ᠡᠴᠡ ᠶᠡᠭᠡ ᠡᠮᠭᠦ》 ᠭᠡᠳᠡᠭ᠌ ᠶᠤᠮ᠂ ᠴᠢ ᠶᠠᠷᠤ ᠨᠢ ᠨᠤᠮᠤᠬᠠᠨ ᠰᠢᠳᠤᠷᠭᠤ ᠪᠠᠷ ᠠᠮᠢᠳᠤᠷᠠᠵᠤ ᠪᠣᠯᠬᠤ ᠦᠭᠡᠶ ᠦᠦ︖ ᠰᠤᠷᠤᠭᠰᠠᠨ ᠶᠢᠡᠷ ᠶᠢᠡᠨ ᠳᠠᠷᠠ ᠬᠠᠭᠤᠷᠤᠯᠭ᠎ᠠ ᠪᠠᠨ ᠭᠢᠭᠡᠳ ᠰᠠᠭᠤᠪᠠᠯ ᠶᠠᠭᠠᠭᠢᠳᠠᠭ ᠶᠤᠮ︖ ᠳᠠᠷᠠ ᠬᠤᠯᠠ ᠊᠊᠊᠊᠊᠊᠊᠊᠊᠊᠊᠊᠊᠊᠊ ᠭᠠᠳᠠᠭᠠᠳᠤ ᠡᠴᠡ ᠨᠠᠢ᠌ᠵᠠ ᠭᠡᠯᠡᠯᠴᠡᠨ᠎ᠡ ᠭᠡᠳᠡᠭ᠌ ᠴᠢᠨᠢ᠁ ᠳᠡᠷᠭᠡ ᠪᠠᠷ ᠶᠠᠪᠣᠭᠠᠤᠨ ᠪᠠᠰᠠ ᠭᠡᠳᠦᠢ ᠡᠳᠦᠷ ᠶᠠᠪᠣᠬᠤ ᠶᠢ ᠮᠡᠳᠡᠭᠦ ᠦᠭᠡᠶ᠁

᠊᠊᠊᠊᠊᠊᠊᠊᠊᠊᠊᠊᠊᠊᠊ ᠦᠭᠡᠶ᠂ ᠨᠢᠰᠭᠡᠯ ᠶᠢᠡᠷ ᠶᠠᠪᠣᠨ᠎ᠠ᠁

᠊᠊᠊᠊᠊᠊᠊᠊᠊᠊᠊᠊᠊᠊᠊ ᠴᠢ ᠳᠡᠭᠡᠭᠡᠳ ᠶᠠᠪᠣᠵᠤ ᠥᠩᠭᠡᠷᠡᠪᠠᠤ︖

᠊᠊᠊᠊᠊᠊᠊᠊᠊᠊᠊᠊᠊᠊᠊ ᠦᠭᠡᠶ᠂ ᠡᠵᠢ ᠡ᠃

᠊᠊᠊᠊᠊᠊᠊᠊᠊᠊᠊᠊᠊᠊᠊ ᠶᠠᠮᠠᠷ ᠭᠠᠵᠠᠷ᠂ ᠶᠠᠮᠠᠷ ᠭᠦᠮᠤᠨ ᠢ ᠴᠤ ᠮᠡᠳᠡᠭᠦ ᠦᠭᠡᠶ ᠪᠠᠷ᠁

᠊᠊᠊᠊᠊᠊᠊᠊᠊᠊᠊᠊᠊᠊᠊ ᠡᠵᠢ ᠡ᠂ ᠪᠢ᠁

᠊᠊᠊᠊᠊᠊᠊᠊᠊᠊᠊᠊᠊᠊᠊ ᠪᠠᠢ᠌ᠴᠢᠬ᠎ᠠ᠂ ᠡᠷᠳᠡᠭᠡᠨ ᠳᠠᠷᠠ ᠬᠤᠭᠤᠰᠤᠨ ᠰᠠᠨᠠᠭ᠎ᠠ ᠪᠠᠨ ᠬᠤᠷᠢᠶᠠ︕ ᠳᠠᠭᠢᠭᠠᠤᠨ ᠭᠡᠯᠡᠪᠠᠯ ᠭᠠᠳᠠᠭᠠᠳᠤ ᠶᠢᠡᠨ ᠳᠡᠷᠡᠭᠦ ᠥᠷᠭᠡᠨ ᠴᠢᠷᠠᠢ᠂ ᠦᠨᠳᠦᠷ ᠬᠠᠮᠠᠷ ᠲᠡᠶ ᠣᠯᠤᠰ ᠪᠢᠳᠠᠨ ᠲᠡᠶ ᠳᠤᠭᠢᠷᠠᠯᠴᠠᠬᠤ ᠶᠤᠮ ᠪᠢᠰᠢ᠃ ᠴᠢ ᠡᠭᠦᠨ ᠡᠴᠡ ᠬᠣᠢ᠌ᠰᠢ ᠳᠠᠢ᠌ᠮᠤ ᠭᠡᠷᠡᠭ᠌ ᠦᠭᠡᠶ ᠶᠠᠪᠣᠳᠠᠯ ᠳᠤ ᠴᠠᠭ ᠨᠥᠭ᠍ᠴᠢᠭᠡᠭᠦ ᠭᠡᠷᠡᠭ᠌ ᠦᠭᠡᠶ ᠭᠡᠵᠤ ᠳᠠᠰᠤ ᠳᠤᠰᠢᠶᠠᠪᠠ᠃

ᠭᠦᠰᠡᠯ᠂ ᠣᠷᠢᠬᠠᠨ ᠢ ᠰᠡᠳᠭᠢᠯ ᠳᠡᠭᠡᠨ ᠲᠦᠮᠡᠠᠳᠡ ᠢᠳᠡᠭᠡᠵᠤ᠂ ᠦᠪᠡᠷ ᠤᠨ ᠰᠦᠯᠵᠢᠶᠠᠨ ᠤ ᠢᠨᠠᠭᠯᠠᠯ ᠶᠢᠡᠨ ᠮᠢᠩᠭ᠋ᠠᠠᠳᠠ ᠵᠥᠪᠳᠡᠭᠡᠵᠤ ᠪᠠᠢ᠌ᠳᠠᠭ ᠴᠤ ᠪᠣᠳᠠᠳᠠᠢ ᠳᠡᠭᠡᠷ᠎ᠡ ᠶᠠᠭᠤ ᠪᠠᠷ ᠵᠣᠢ᠌ᠷᠯᠠᠵᠤ᠂ ᠶᠠᠮᠠᠷ ᠶᠠᠭᠤᠮ᠎ᠠ ᠪᠠᠷ ᠬᠠᠷᠢᠴᠠᠭᠤᠯᠬᠤ ᠪᠠᠨ ᠮᠡᠳᠡᠭᠦ ᠦᠭᠡᠶ ᠭᠠᠴᠢᠭᠳᠠᠨ᠎ᠠ᠃ 《ᠣᠷᠢᠬᠠᠨ᠂ ᠪᠣᠳᠠᠳᠤ ᠠᠮᠢᠳᠤᠷᠠᠯ ᠳ᠋ᠠᠭᠢ ᠣᠷᠢᠬᠠᠨ ᠴᠤᠬᠤᠮ ᠮᠢᠨᠤ ᠰᠡᠳᠭᠢᠯ ᠳᠤ ᠠᠮᠢᠯᠠᠭᠰᠠ ᠣᠷᠢᠬᠠᠨ ᠮᠦᠨ ᠪᠢᠯᠢᠤ︖》 ᠭᠡᠭᠦ ᠡᠴᠡ ᠦᠪᠡᠷ ᠤᠨ ᠰᠡᠳᠭᠢᠯ ᠤᠨ ᠡᠭᠡᠳᠡᠷᠭᠡᠨ ᠶᠢᠡᠨ ᠳᠠᠢ᠌ᠯᠵᠤ ᠳᠡᠢ᠌ᠯᠭᠦ ᠦᠭᠡᠶ ᠶᠤᠮ ᠴᠢᠨᠢ ᠭᠡᠷ ᠤᠨ ᠭᠦᠮᠦᠰ ᠲᠡᠭᠡᠨ ᠶᠠᠭᠠᠭᠢᠵᠤ ᠳᠠᠢ᠌ᠯᠪᠣᠷᠢᠯᠠᠨ᠎ᠠ ᠪᠣᠢ ᠭᠡᠵᠤ ᠪᠣᠳᠤᠨ ᠬᠤᠰᠢᠭᠤᠨ ᠲᠦᠪ ᠢ ᠳᠠᠭᠢᠭᠠᠤᠨ ᠴᠢᠭᠯᠡᠯ᠎ᠡ᠃

ᠰᠦᠯᠵᠢᠶᠠᠨ ᠳᠤ ᠭᠠᠷᠬᠤ ᠲᠡᠶ ᠵᠡᠷᠭᠡ ᠣᠤᠯ ᠰᠦᠯᠵᠢᠶᠠᠨ ᠤ ᠬᠠᠨᠢ ᠳᠤᠳᠤᠷᠠᠭᠢ 《ᠴᠠᠭᠢᠯᠭᠠᠨ ᠭᠦᠯᠦᠭ᠌》 《ᠶᠠᠷᠢᠯᠴᠠᠬᠤ ᠳᠠᠰᠤᠭ》 ᠲᠤ ᠪᠠᠢ᠌ᠵᠤ᠄ 《ᠪᠢᠴᠢᠬᠠᠨ ᠪᠣᠯᠵᠤᠮᠤᠷ᠂ ᠬᠠᠢ᠌ᠷᠠᠳᠤ ᠮᠢᠨᠢ ᠠᠭᠤᠯᠵᠠᠭᠰᠠᠨ ᠦᠭᠡᠶ ᠣᠳᠠᠯ᠎ᠠ᠁》 ᠭᠡᠭᠦ ᠳᠤ 《ᠣᠷᠠᠨ ᠬᠠᠴᠢᠨ》 ᠄ 《ᠮᠠᠭᠤ ᠮᠡᠭᠡᠯᠡᠭ᠍ᠴᠢ᠂ ᠪᠢ ᠳᠠᠭᠢᠵᠤ ᠴᠢᠮ᠎ᠠ ᠶᠢ ᠣᠢ᠌ᠰᠢᠶᠠᠬᠤ ᠦᠭᠡᠶ》 ᠭᠡᠳ ᠰᠦᠯᠵᠢᠶᠠᠨ ᠡᠴᠡ ᠪᠠᠭᠤᠪᠠ᠃

ᠭᠦᠰᠡᠯ ᠳᠠᠭᠢᠭᠠᠤᠨ ᠭᠡᠳᠤᠨ 《ᠣᠷᠢᠯᠭ᠎ᠠ》 ᠳᠠᠯᠪᠢᠭᠰᠠᠨ ᠴᠤ ᠬᠠᠷᠢᠭᠤ ᠠᠯᠠᠭ᠎ᠠ᠃ ᠢᠩᠭᠢᠭᠡᠳ ᠭᠦᠰᠡᠯ ᠮᠠᠰᠢᠨ ᠤ ᠡᠮᠦᠨ᠎ᠡ ᠱᠤᠭᠤᠮᠠᠯ ᠰᠢᠭ ᠰᠠᠭᠤᠵᠤ ᠭᠡᠳᠤᠨ ᠴᠠᠭ ᠪᠣᠯᠤᠯ᠎ᠠ᠃ ᠳᠠᠷᠠᠭ᠎ᠠ ᠡᠳᠦᠷ ᠨᠢ ᠴᠤ 《ᠣᠷᠠᠨ ᠬᠠᠴᠢᠨ》 ᠡᠴᠡ ᠴᠢᠮᠡᠭᠡ ᠦᠭᠡᠶ᠂ ᠬᠠᠷᠢᠭᠠᠤᠨ ᠪᠠᠰᠠ ᠣᠳᠠᠰᠤ ᠣᠯᠤᠭᠰᠠᠨ ᠦᠭᠡᠶ᠃ ᠭᠦᠰᠡᠯ ᠤᠨ ᠣᠷᠮ᠎ᠠ ᠰᠡᠳᠬᠢᠯᠭᠡ ᠪᠦᠷᠢᠮᠦᠰᠤᠨ ᠪᠠᠭᠤᠷᠠᠵᠤ᠂ ᠰᠥᠭ᠌ ᠰᠦᠨᠠᠰᠤ ᠪᠠᠨ ᠭᠡᠭᠡᠴᠢᠭᠡᠭ᠍ᠰᠡᠨ ᠶᠤᠮ ᠰᠢᠭ᠌ ᠳᠤᠯᠤᠭᠠᠢ ᠪᠠᠨ ᠡᠷᠭᠦᠵᠤ ᠳᠠᠭᠠᠭᠠᠬᠤ ᠪᠠᠨ ᠪᠣᠯᠢᠪᠠ᠃ ᠡᠨᠡ ᠦᠶ᠎ᠡ ᠡᠭᠡᠴᠢ ᠨᠢ ᠨᠢᠭᠡ ᠵᠠᠭᠤᠨ ᠳᠦᠭᠦᠷᠢᠭ᠌ ᠤᠨ IP ᠳ᠋ᠢᠶᠠᠩᠬᠤᠧᠨ ᠺᠠᠷᠲ᠋ ᠭᠠᠷᠭᠠᠵᠤ᠄

᠊᠊᠊᠊᠊᠊᠊᠊᠊᠊᠊᠊᠊᠊᠊ ᠪᠠᠢ᠌ᠳᠠᠯ ᠢ ᠬᠠᠷᠠᠪᠠᠯ ᠴᠢᠨᠤ ᠶᠠᠪᠣᠳᠠᠯ ᠥᠭᠡᠳᠡ ᠦᠭᠡᠶ ᠪᠣᠯᠤᠯᠳᠠᠢ᠃ ᠡᠰᠡᠭᠦᠯ᠎ᠡ ᠴᠢ ᠣᠳᠠᠰᠤᠳᠠᠵᠤ ᠦᠵᠡ᠂ ᠭᠡᠷᠪᠡ ᠳᠠᠷᠠ ᠣᠳᠠᠰᠤ ᠨᠠᠪᠳᠠᠷᠠᠪᠠᠯ ᠠᠳᠠᠭ ᠲᠠᠭᠠᠨ ᠡᠢ᠌ᠮᠤ ᠨᠢᠭᠡ ᠭᠦᠮᠤᠨ ᠪᠠᠢ᠌ᠬᠤ ᠶᠢ ᠭᠡᠷᠡᠴᠢᠯᠡᠨ᠎ᠡ᠂ ᠨᠡᠪᠳᠡᠭᠦ ᠦᠭᠡᠶ ᠪᠣᠯ ᠳᠠᠷᠠ ᠴᠢᠮ᠎ᠠ ᠪᠠᠷ ᠨᠠᠭᠠᠳᠴᠠᠢ᠂ ᠳᠡᠭᠡᠪᠠᠯ ᠴᠢ ᠢᠩᠭᠢᠵᠤ ᠵᠤᠪᠠᠭᠰᠠᠨ ᠤ ᠭᠡᠷᠡᠭ᠌ ᠦᠭᠡᠶ᠂ ᠨᠢᠭᠡ ᠴᠠᠭ ᠤᠨ ᠵᠡᠭᠦᠳᠤ ᠪᠠᠷ ᠪᠣᠳᠤᠴᠢᠬ᠎ᠠ︕

᠊᠊᠊᠊᠊᠊᠊᠊᠊᠊᠊᠊᠊᠊᠊ ᠳᠡᠭᠦᠨ ᠤ ᠣᠳᠠᠰᠤ ᠭᠡᠳᠤ ᠪᠣᠢ᠂ ᠪᠢ ᠠᠯᠢ ᠶᠢ ᠨᠢ ᠴᠤᠭᠢᠬᠤ ᠪᠣᠢ︖ ᠪᠢ᠁

᠊᠊᠊᠊᠊᠊᠊᠊᠊᠊᠊᠊᠊᠊᠊ ᠭᠡᠳᠤᠨ ᠣᠳᠠᠰᠤ ᠪᠠᠢ᠌ᠬᠤ ᠶᠠᠮᠠᠷ ᠬᠠᠮᠢᠶ᠎ᠠ ᠲᠡᠶ ᠪᠣᠢ︖ ᠪᠦᠭᠦᠳᠡ ᠢ ᠴᠤᠭᠢᠵᠤ ᠦᠵᠡ ᠳ᠋ᠠ᠃

᠊᠊᠊᠊᠊᠊᠊᠊᠊᠊᠊᠊᠊᠊᠊ ᠡᠰᠡᠭᠦᠯ᠎ᠡ ᠪᠠᠢ᠌ᠴᠢᠬ᠎ᠠ᠂ ᠪᠢ ᠶᠠᠭᠤ ᠶᠠᠷᠢᠨ᠎ᠠ ᠪᠣᠢ︖

᠊᠊᠊᠊᠊᠊᠊᠊᠊᠊᠊᠊᠊᠊᠊ ᠴᠢ ᠭᠡᠵᠤ ᠳ᠋ᠠ᠂ ᠭᠦᠮᠤᠨ ᠶᠢᠡᠷ ᠮᠡᠭᠡᠯᠡᠭᠦᠯᠴᠢᠭᠡᠭᠡᠳ ᠪᠠᠰᠠ᠁ ᠪᠢ ᠴᠢᠮᠠᠳᠤ ᠴᠤᠭᠢᠶ᠎ᠠ᠃ ᠣᠷᠢᠳᠠᠪᠠᠷ ᠮᠠᠨ ᠤ ᠳᠤ ᠢᠷᠡᠳᠡᠭ᠌ ᠨᠤᠮᠸᠷ ᠢ᠁

᠊᠊᠊᠊᠊᠊᠊᠊᠊᠊᠊᠊᠊᠊᠊ ᠪᠢ ᠬᠠᠷᠢᠨ ᠮᠡᠭᠡᠯᠡᠭ᠍ᠳᠡᠯ᠎ᠡ ᠭᠡᠵᠤ ᠪᠣᠳᠤᠵᠤ ᠦᠭᠡᠶ᠃

ᠳ᠋ᠤ᠋ ᠳ᠋ᠦ᠋᠁ ᠳ᠋ᠤ᠋ ᠳ᠋ᠦ᠋᠁

᠊᠊᠊᠊᠊᠊᠊᠊᠊᠊᠊᠊᠊᠊᠊ ᠳᠤᠭᠤᠢ᠂ ᠬᠤᠷᠳᠤᠨ᠁ ᠴᠡᠭᠡᠯᠭᠡᠨ ᠬᠤᠭᠤᠯᠠᠢ ᠲᠡᠶ ᠭᠡᠦᠭᠡᠨ ᠤ ᠳᠠᠭᠤᠨ ᠭᠠᠷᠬᠤ ᠳᠤ ᠰᠤᠨᠤᠰᠤᠭᠤᠷ ᠢ ᠭᠦᠰᠡᠯ ᠤᠨ ᠴᠢᠭᠢᠨ ᠳᠤ ᠨᠠᠭᠠᠯᠳᠤᠭᠤᠯᠪᠠ᠃

᠊᠊᠊᠊᠊᠊᠊᠊᠊᠊᠊᠊᠊᠊᠊ ᠪᠠᠢ᠌ᠨ᠎ᠠ ᠦᠦ︖ ᠣᠷᠢᠬᠠᠨ ᠪᠠᠢ᠌ᠨ᠎ᠠ᠃

᠊᠊᠊᠊᠊᠊᠊᠊᠊᠊᠊᠊᠊᠊᠊ ᠪᠢ ᠭᠦᠰᠡᠯ ᠪᠠᠢ᠌ᠨ᠎ᠠ᠂ ᠣᠷᠢᠬᠠᠨ ᠳᠠᠭᠢᠭᠠᠤᠨ ᠶᠠᠭᠤ ᠭᠡᠯᠡᠭᠦ ᠪᠠᠨ ᠣᠯᠤᠭᠰᠠᠨ ᠦᠭᠡᠶ ᠶᠤᠮ ᠦᠦ᠂ ᠡᠰᠡᠭᠦᠯ᠎ᠡ ᠭᠡᠨ ᠤ ᠪᠠᠨ ᠶᠠᠷᠢᠬᠤ ᠶᠢ ᠰᠤᠨᠤᠰᠬᠤ ᠭᠡᠰᠡᠨ ᠰᠢᠭ᠌ ᠰᠤᠨᠤᠰᠤᠭᠤᠷ ᠳᠤᠳᠤᠷ᠎ᠠ ᠭᠡᠨ ᠠᠯᠢᠨ ᠤ ᠭᠢᠨᠢ ᠥᠭᠡ ᠭᠠᠷᠬᠤ ᠦᠭᠡᠶ ᠭᠡᠰᠡᠭ᠌ ᠣᠳᠠᠯ᠎ᠠ᠃ ᠡᠭᠡᠴᠢ ᠨᠢ ᠰᠡᠮᠡᠭᠡᠷ ᠭᠠᠷᠪᠠ᠃ ᠭᠦᠰᠡᠯ ᠤᠨ ᠰᠤᠳᠠᠯ ᠪᠦᠭᠦᠨ ᠨᠢ ᠭᠦᠴᠦᠳᠡᠢ ᠯᠤᠭᠰᠢᠵᠤ ᠵᠢᠷᠦᠭᠡᠨ ᠴᠤᠭᠢᠯᠭ᠎ᠠ ᠨᠢ ᠴᠢᠩᠭ᠋ᠠᠷᠴᠤ ᠬᠠᠮᠠᠷ ᠨᠢ ᠱᠠᠷᠭᠢᠷᠠᠨ ᠪᠠᠶᠠᠷ ᠴᠤ ᠶᠤᠮ ᠦᠦ︖ ᠭᠤᠮᠤᠷᠬᠠᠯ ᠴᠤ ᠶᠤᠮ ᠦᠦ︖ ᠨᠢᠯᠪᠣᠰᠤ ᠪᠦᠮᠪᠣᠷᠢᠨ᠎ᠠ᠃

᠊᠊᠊᠊᠊᠊᠊᠊᠊᠊᠊᠊᠊᠊᠊ ᠤ᠁ ᠥ᠁ ᠭᠦᠷ ᠬᠠᠷ᠁ ᠣᠷᠢᠬᠠᠨ ᠴᠤ ᠣᠭᠢᠯᠠᠵᠤ ᠪᠠᠢ᠌ᠪᠠ᠃

᠊᠊᠊᠊᠊᠊᠊᠊᠊᠊᠊᠊᠊᠊᠊ ᠣᠷᠢᠬᠠᠨ᠂ ᠳᠠᠷᠠ ᠡᠳᠦᠷ᠁ ᠴᠢ ᠥᠨᠡᠭᠡᠷ ᠨᠠᠳᠠ ᠶᠢ ᠣᠢ᠌ᠰᠢᠶᠠᠬᠤ ᠦᠭᠡᠶ ᠦᠦ︖ ᠳᠠᠷᠠ ᠮᠢᠨᠤ ᠪᠣᠷᠤᠭᠤ ᠪᠢᠰᠢ᠃

᠊᠊᠊᠊᠊᠊᠊᠊᠊᠊᠊᠊᠊᠊᠊ ᠳᠡᠨᠡᠭ᠌ ᠡ᠂ ᠪᠢ ᠶᠠᠮᠠᠷ ᠰᠦᠯᠵᠢᠶᠠᠨ ᠳᠡᠭᠡᠷᠡᠭᠢ ᠨᠠᠭᠠᠳᠤᠮ ᠤᠨ ᠥᠭᠡ ᠶᠢ ᠮᠡᠳᠡᠭᠦ ᠦᠭᠡᠶ ᠦᠦ︖ ᠴᠢ ᠦᠪᠡᠷ ᠶᠢᠡᠨ ᠨᠠᠳᠠ ᠶᠢ ᠬᠠᠢ᠌ᠬᠤᠷᠬᠤ ᠦᠭᠡᠶ ᠪᠠᠢ᠌ᠭᠠᠤᠨ᠁

᠊᠊᠊᠊᠊᠊᠊᠊᠊᠊᠊᠊᠊᠊᠊ ᠪᠢ ᠴᠢᠮᠠᠳᠤ 《ᠣᠷᠢᠯᠭ᠎ᠠ》 ᠶᠠᠪᠣᠭᠤᠯᠤᠭᠠᠤᠨ ᠠᠷᠪᠠᠭᠠᠤᠨ ᠴᠠᠭ ᠭᠦᠯᠢᠶᠡᠭ᠍ᠰᠡᠨ ᠰᠢᠤ᠃

᠊᠊᠊᠊᠊᠊᠊᠊᠊᠊᠊᠊᠊᠊᠊ ᠳᠠᠷᠠ ᠵᠢᠭᠠᠬᠠᠨ ᠭᠦᠯᠢᠶᠡᠭᠡᠳ ᠳᠡᠰᠭᠦ ᠪᠠᠨ ᠪᠠᠢ᠌ᠴᠢᠬᠠᠪᠠᠤ︖

᠊᠊᠊᠊᠊᠊᠊᠊᠊᠊᠊᠊᠊᠊᠊ ᠦᠭᠡᠶ᠂ ᠴᠢ ᠳᠤᠷᠠᠳᠠᠢ ᠪᠣᠯ ᠪᠢ ᠨᠠᠰᠤ ᠪᠠᠷ ᠭᠦᠯᠢᠶᠡᠭ᠍ᠰᠡᠨ ᠴᠤ ᠶᠠᠭᠠᠭᠢᠮᠠᠢ᠃ ᠴᠢ ᠯᠠ ᠦᠨᠡᠠᠴᠢ ᠪᠣᠯ᠁

᠊᠊᠊᠊᠊᠊᠊᠊᠊᠊᠊᠊᠊᠊᠊ ᠣᠯᠢᠭ ᠦᠭᠡᠶ᠂ ᠪᠢ ᠯᠠᠪ ᠦᠨᠡᠠᠴᠢ᠃ ᠴᠢᠮ᠎ᠠ ᠶᠢ ᠬᠠᠷᠢᠨ ᠬᠤᠳᠠᠯᠴᠢ ᠡᠴᠡ ᠠᠶᠤᠬᠤ ᠶᠤᠮ᠃

᠊᠊᠊᠊᠊᠊᠊᠊᠊᠊᠊᠊᠊᠊᠊ ᠪᠢ ᠴᠢᠮ᠎ᠠ ᠶᠢ ᠬᠤᠳᠠᠯ ᠭᠡᠯᠡᠵᠤ ᠴᠢᠳᠠᠬᠤ ᠦᠭᠡᠶ ᠪᠠᠨ ᠳᠠᠩᠭ᠋ᠠᠷᠢᠭᠯᠠᠶ᠎ᠠ᠂ ᠴᠢ ᠯᠠ ᠭᠡᠳᠤ ᠬᠤᠨᠤᠭ ᠶᠢᠡᠷ ᠴᠢᠮᠡᠭᠡ ᠳᠠᠰᠤᠷᠠᠭᠠᠤᠨ ᠨᠠᠮ᠎ᠠ ᠶᠢ ᠵᠤᠪᠠᠬᠤ ᠶᠤᠮ᠃ ᠭᠦᠮᠤᠨ ᠤ 《ᠣᠷᠢᠯᠭ᠎ᠠ》 ᠳᠤ ᠴᠤ ᠰᠠᠭᠠᠳᠠᠬᠤ ᠦᠭᠡᠶ᠃

᠊᠊᠊᠊᠊᠊᠊᠊᠊᠊᠊᠊᠊᠊᠊ ᠪᠣᠷᠤᠭᠤ ᠪᠣᠯᠤᠯ᠎ᠠ᠃ ᠳᠠᠷᠠ ᠡᠳᠦᠷ ᠪᠢ ᠲᠤᠩ ᠶᠠᠭᠠᠷᠠᠤ ᠪᠠᠢ᠌ᠭᠰᠠᠨ᠃ ᠳᠠᠷᠠᠭ᠎ᠠ ᠡᠳᠦᠷ ᠨᠢ ᠥᠵᠡᠭᠡᠳ ᠬᠠᠷᠢᠭᠤ ᠶᠠᠪᠣᠭᠤᠯᠤᠭᠰᠠᠨ ᠰᠢᠤ᠃ ᠦᠨᠦᠳᠤᠷ ᠭᠦᠷᠳᠡᠯ᠎ᠡ ᠳᠠᠰᠤᠷᠠᠭᠰᠠᠨ ᠦᠭᠡᠶ᠂ ᠢᠳᠡᠭᠡᠭᠦ ᠦᠭᠡᠶ ᠪᠣᠯ ᠴᠢ ᠣᠴᠢᠵᠤ ᠦᠵᠡ᠃

᠊᠊᠊᠊᠊᠊᠊᠊᠊᠊᠊᠊᠊᠊᠊ ᠪᠢ ᠁

᠊᠊᠊᠊᠊᠊᠊᠊᠊᠊᠊᠊᠊᠊᠊ ᠴᠢ ᠪᠠᠰᠠ ᠳᠠᠷᠠ ᠬᠤᠰᠢᠭᠤᠨ ᠳᠤ ᠭᠦᠷᠳᠡᠯ᠎ᠡ ᠭᠡᠳᠦᠢ ᠴᠠᠭ ᠭᠡᠷᠡᠭ᠍ᠰᠡᠨ᠎ᠡ᠂ ᠭᠦᠳᠡᠭᠡ ᠭᠠᠵᠠᠷ ᠳᠦᠭᠦᠮ ᠦᠭᠡᠶ᠂ ᠰᠦᠯᠵᠢᠶ᠎ᠠ ᠨᠢ ᠮᠢᠨᠤ ᠪᠢᠰᠢ ᠭᠡᠳᠡᠭ᠌ ᠶᠢᠡᠨ ᠶᠠᠷᠢᠨ᠎ᠠ ᠭᠡᠵᠤ ᠪᠠᠢ᠌ᠨᠠᠤ ︖ ᠪᠢ ᠣᠢ᠌ᠯᠭᠠᠵᠤ ᠪᠠᠢ᠌ᠨ᠎ᠠ᠃ ᠳᠡᠭᠡᠭᠦ ᠳᠡᠭᠡᠨ ᠡᠳᠦᠢ ᠳᠠᠰᠪᠣᠷᠢᠳᠠᠢ ᠪᠠᠢ᠌ᠬᠤ ᠦᠭᠡᠶ ᠦᠦ︖ ᠪᠢ ᠴᠢᠨᠤ ᠳᠠᠭᠤᠤ ᠶᠢ ᠰᠤᠨᠤᠰᠤᠭᠠᠤᠨ ᠰᠠᠭᠤᠪᠠᠯ ᠰᠠᠨᠠᠭ᠎ᠠ ᠬᠠᠠᠴᠢᠬᠠᠳᠠᠭ᠃ ᠪᠢ ᠬᠠᠷᠢᠨ ᠴᠢᠮ᠎ᠠ ᠳᠤ ᠶᠠᠭᠤ ᠴᠤ ᠦᠭ‍ᠭᠦᠭ᠍ᠰᠡᠨ ᠦᠭᠡᠶ ᠪᠣᠯᠬᠤᠷ ᠡᠨᠡ ᠣᠳᠠᠭ᠎ᠠ ᠨᠢᠭᠡ ᠰᠡᠭᠦᠳᠡᠷ ᠶᠢᠡᠨ ᠶᠠᠪᠣᠭᠤᠯᠤᠭᠰᠠᠨ ᠶᠤᠮ᠃

᠊᠊᠊᠊᠊᠊᠊᠊᠊᠊᠊᠊᠊᠊᠊ ᠳᠠᠯᠠᠷᠬᠠᠯ᠎ᠠ᠃

᠊᠊᠊᠊᠊᠊᠊᠊᠊᠊᠊᠊᠊᠊᠊ ᠥ᠂ ᠴᠢ ᠶᠠᠭᠠᠭᠢᠭᠠᠤᠨ ᠨᠢᠭᠡ ᠣᠳᠠᠰᠤᠳᠠᠴᠢᠬᠠᠪᠠ︖

᠊᠊᠊᠊᠊᠊᠊᠊᠊᠊᠊᠊᠊᠊᠊ ᠪᠢ ᠴᠢᠮ᠎ᠠ ᠶᠢ ᠣᠯᠬᠤ ᠭᠡᠳ᠁

᠊᠊᠊᠊᠊᠊᠊᠊᠊᠊᠊᠊᠊᠊᠊ ᠴᠢᠨᠤ ᠳᠠᠠᠳᠠ ᠳᠦᠭᠦᠮ ᠦᠭᠡᠶ᠃ ᠰᠡᠭᠦᠯᠡᠷ ᠨᠢ ᠬᠠᠰᠢᠯᠠ ᠪᠢ ᠣᠳᠠᠰᠤᠳᠠᠶ᠎ᠠ᠃ ᠡᠨᠡ ᠣᠷᠴᠢᠮ ᠮᠢᠨᠤ ᠡ᠊ᠨᠳᠡ ᠨᠠᠯᠢᠶᠠᠤᠨ ᠶᠠᠭᠠᠷᠠᠤ᠃ ᠴᠠᠭ ᠲᠠᠭᠠᠨ ᠣᠳᠠᠰᠤᠳᠠᠵᠤ ᠠᠮᠵᠢᠭᠰᠠᠨ ᠦᠭᠡᠶ ᠣᠰᠤᠯ ᠪᠣᠯᠤᠯ᠎ᠠ᠃

᠊᠊᠊᠊᠊᠊᠊᠊᠊᠊᠊᠊᠊᠊᠊ ᠬᠠᠮᠢᠶ᠎ᠠ ᠦᠭᠡᠶ᠂ ᠪᠢ ᠵᠥᠭᠡᠷ ᠡ᠃ ᠮᠠᠷᠭᠠᠰᠢ ᠬᠤᠰᠢᠭᠤ ᠣᠷᠤᠵᠤ ᠰᠡᠭᠦᠳᠡᠷ ᠢ ᠴᠢᠨᠢ ᠦᠵᠡᠨ᠎ᠠ᠂ ᠪᠠᠰᠠ ᠳᠡᠭᠡᠭᠡᠳ ᠳᠠᠷᠤᠮᠠᠯᠯᠠᠵᠤ ᠠᠪᠣᠨ᠎ᠠ᠃ ᠢᠮᠸᠯ ᠢᠯᠡᠭᠡᠶ᠎ᠡ᠃

《ᠴᠠᠭ ᠢ ᠵᠠᠪᠳᠤᠭᠠᠷᠠᠢ︕ ᠰᠡᠭᠦᠯ ᠤᠨ ᠬᠤᠶᠠᠷ ᠮᠢᠨᠦ᠋ᠲ ᠦᠯᠠᠳᠠᠵᠤ ᠪᠠᠢ᠌ᠨ᠎ᠠ》 ᠺᠠᠷᠲ᠋ ᠳᠠᠭᠢ ᠵᠤᠭᠤᠰ ᠨᠢ ᠳᠠᠭᠤᠰᠤᠭᠰᠠᠨ ᠪᠣᠯᠤᠯᠳᠠᠢ᠂ ᠨᠢᠭᠡᠳᠦᠭ᠍ᠰᠡᠨ ᠬᠤᠯᠪᠣᠭᠠᠨ ᠤ ᠭᠢᠨ ᠰᠠᠨᠠᠭᠤᠯᠭ᠎ᠠ ᠥᠭ᠍ᠴᠤ ᠪᠠᠢ᠌ᠪᠠ᠃

᠊᠊᠊᠊᠊᠊᠊᠊᠊᠊᠊᠊᠊᠊᠊ ᠣᠷᠢᠬᠠᠨ ᠡ᠂ ᠪᠢ ᠰᠡᠭᠦᠯᠡᠷ ᠳᠠᠭᠢᠭᠠᠤᠨ ᠣᠳᠠᠰᠤ ᠠᠪᠣᠶ᠎ᠠ᠃

᠊᠊᠊᠊᠊᠊᠊᠊᠊᠊᠊᠊᠊᠊᠊ ᠪᠠᠶᠠᠷᠳᠠᠢ᠂ ᠪᠢ ᠪᠠᠰᠠ ᠠᠵᠢᠯᠯᠠᠬᠤ ᠪᠣᠯᠴᠢᠬᠠᠯ᠎ᠠ᠃

᠊᠊᠊᠊᠊᠊᠊᠊᠊᠊᠊᠊᠊᠊᠊ ᠪᠠᠶᠠᠷᠳᠠᠢ᠃

ᠭᠦᠰᠡᠯ ᠭᠡᠳᠦᠢ᠌ᠪᠠᠷ ᠳᠤᠤᠷ ᠰᠦᠯᠵᠢᠶᠠᠨ ᠤ ᠨᠡᠢ᠌ᠭᠡᠮᠯᠢᠭ᠌ ᠢ ᠭᠡᠢ ᠬᠤᠭᠤᠰᠤᠨ ᠶᠢᠡᠷ ᠪᠣᠳᠤᠳᠠᠭ ᠴᠤ ᠬᠠᠭᠤᠳᠠᠰᠤ ᠬᠠᠭᠤᠳᠠᠰᠤ ᠢᠮᠸᠯ ᠨᠢ ᠳᠠᠳᠠ ᠬᠤᠶᠠᠷ ᠤᠨ ᠰᠡᠳᠭᠢᠯ ᠵᠢᠷᠦᠭᠡ ᠶᠢ ᠨᠢᠭᠳᠠ ᠬᠤᠯᠪᠣᠵᠤ ᠳᠠᠯᠪᠢᠵᠠᠢ᠃ ᠦᠪᠡᠷ ᠤᠨ ᠣᠷᠢᠬᠠᠨ ᠳ᠋ᠠᠭᠢ ᠬᠠᠢ᠌ᠷ᠎ᠠ ᠰᠡᠳᠬᠢᠯᠭᠡ ᠪᠠᠨ ᠦᠨᠡᠨ ᠭᠡᠵᠤ ᠢᠳᠡᠭᠡᠳᠡᠭ᠌ ᠪᠣᠯᠬᠤᠷ ᠬᠤᠪᠢ ᠪᠠᠷ ᠶᠢᠡᠨ ᠨᠢᠭᠡ ᠳᠤᠤᠷ ᠰᠦᠯᠵᠢᠶᠠᠨ ᠤ ᠬᠠᠭᠤᠳᠠᠰᠤ (ᠨᠢᠭᠤᠷ) ᠭᠠᠷᠭᠠᠬᠤ ᠪᠠᠷ ᠰᠢ᠌ᠤᠠᠪᠠ᠃ ᠠᠪᠣ ᠨᠢ ᠰᠠᠷ᠎ᠠ ᠬᠤᠷᠢ ᠬᠤᠨᠤᠭ ᠶᠢᠡᠷ ᠭᠡᠷ ᠤᠨ ᠪᠠᠷᠠᠭ᠎ᠠ ᠬᠠᠷᠠᠬᠤ ᠦᠭᠡᠶ ᠪᠣᠯᠤᠭᠰᠠᠨ ᠭᠦᠤ ᠪᠠᠨ ᠡᠷᠢᠵᠤ ᠬᠤᠰᠢᠭᠤᠨ ᠲᠦᠪ ᠭᠦᠷᠴᠤ ᠳᠤᠤᠷ ᠰᠦᠯᠵᠢᠶᠠᠨ ᠤ ᠡᠭᠦᠳᠡ ᠪᠠᠷ ᠠᠩᠬ᠎ᠠ ᠠᠯᠬᠤᠪᠠ᠃ ᠭᠦᠮᠦᠰ ᠤᠨ ᠳᠡᠯᠭᠡᠴᠡ ᠶᠢᠨ ᠡᠮᠦᠨ᠎ᠡ ᠰᠠᠭᠤᠭᠠᠤᠨ ᠡᠯᠳᠡᠪ ᠮᠠᠶ‍ᠢᠭ ᠭᠠᠷᠴᠤ ᠪᠠᠢ᠌ᠭ᠎ᠠ ᠶᠢ ᠬᠠᠷᠠᠵᠤ᠄ 《ᠢᠩᠭᠢᠵᠤ ᠯᠠ ᠭᠢᠳᠠᠯ ᠶᠢᠡᠨ ᠪᠠᠷᠠᠳᠠᠭ ᠣᠯᠤᠰ᠁》 ᠭᠡᠵᠤ ᠠᠮᠠᠨ ᠳᠠᠭᠠᠨ ᠲᠦᠳᠦᠨᠡᠨ ᠠᠷᠠᠢ ᠭᠡᠵᠤ ᠭᠦᠤ ᠪᠠᠨ ᠣᠯᠤᠮᠠᠭᠴᠠ ᠬᠤᠯᠤᠭᠤᠳᠤᠨ ᠴᠢᠷᠴᠤ ᠭᠠᠷᠪᠠ᠃

ᠭᠦᠰᠡᠯ ᠠᠪᠣ ᠶᠢᠨ ᠶᠢᠡᠨ ᠡᠪᠡᠳᠴᠢᠨ ᠨᠢ ᠭᠦᠳᠡᠯᠭᠦ ᠡᠴᠡ ᠪᠣᠯᠭᠤᠮᠵᠢᠯᠠᠵᠤ᠂ ᠰᠠᠨᠠᠭ᠎ᠠ ᠶᠢ ᠨᠢ ᠳᠠᠭᠠᠭᠤᠯᠵᠤ ᠳᠠᠢ᠌ᠪᠣᠰᠢᠷᠠᠭᠤᠯᠤᠭᠰᠠᠨ ᠤ ᠳᠠᠷᠠᠭ᠎ᠠ ᠦᠪᠡᠷ ᠶᠢᠡᠨ ᠨᠢᠭᠡ ᠳᠤᠤᠷ ᠰᠦᠯᠵᠢᠶᠠᠨ ᠤ ᠨᠢᠭᠤᠷ ᠵᠤᠬᠢᠶᠠᠵᠤ ᠪᠠᠢ᠌ᠭ᠎ᠠ ᠪᠠᠨ ᠭᠡᠯᠡᠪᠡ᠃ ᠠᠪᠣ ᠨᠢ ᠭᠡᠳᠥᠢᠪᠠᠷ ᠭᠦᠤ ᠪᠠᠨ ᠶᠠᠭᠤ ᠭᠢᠵᠤ ᠪᠠᠢ᠌ᠬᠤ ᠶᠢ ᠣᠢ᠌ᠯᠭᠠᠭᠰᠠᠨ ᠦᠭᠡᠶ ᠪᠣᠯᠪᠠᠴᠤ 《ᠵᠠᠯᠠᠭᠤ ᠣᠯᠤᠰ ᠳᠡᠳᠡᠭᠡᠷ ᠰᠢᠡᠵᠢᠯᠡᠭᠦ ᠣᠬᠠᠭᠠᠨ ᠤ ᠵᠣᠢ᠌ᠯ ᠢ ᠣᠷᠤᠯᠳᠤᠬᠤ ᠨᠢ ᠳᠠᠭᠠᠷᠠᠨ᠎ᠠ᠂ ᠭᠠᠭᠴᠠᠬᠦ ᠪᠣᠷᠤᠭᠤ ᠵᠠᠮ ᠶᠢᠡᠷ ᠪᠣᠳᠠᠭ᠎ᠠ ᠳᠡᠭᠡᠭᠡᠭᠦ ᠦᠭᠡᠶ ᠪᠣᠯ ᠪᠣᠯᠤᠨ᠎ᠠ》 ᠭᠡᠵᠤ ᠪᠣᠳᠤᠭᠠᠤᠨ᠄ 《ᠳᠡᠭᠡᠪᠠᠯ ᠪᠣᠯᠵᠠᠢ᠃ ᠳᠡᠭᠦᠨ ᠶᠢᠡᠨ ᠬᠤᠷᠳᠤᠨ ᠭᠢ᠃ ᠵᠤᠬᠢᠶᠠᠭᠠᠤᠨ ᠪᠠᠷᠠᠪᠠᠯ ᠨᠠᠳᠠᠳᠤ ᠨᠢᠭᠡ ᠥᠵᠡᠭᠦᠯᠴᠢᠭᠡ》 ᠭᠡᠳ ᠬᠠᠷᠢᠪᠠ᠃

ᠠᠪᠣ ᠶᠢᠨ ᠶᠢᠡᠨ ᠥᠭᠡᠨ ᠳᠤ ᠵᠤᠷᠢᠭᠵᠢᠭᠰᠠᠨ ᠭᠦᠰᠡᠯ ᠤᠨ ᠠᠵᠢᠯ ᠤᠨ ᠠᠭᠢᠴᠠ ᠨᠡᠮᠡᠭ᠍ᠳᠡᠵᠤ᠂ ᠳᠠᠮᠠᠢ ᠣᠳᠠᠭᠰᠠᠨ ᠦᠭᠡᠶ ᠦᠪᠡᠷ ᠤᠨ ᠭᠢᠨᠢ ᠳᠤᠤᠷ ᠰᠦᠯᠵᠢᠶᠠᠨ ᠤ ᠨᠢᠭᠤᠷ ᠲᠡᠶ ᠪᠣᠯᠪᠠ᠃ ᠡᠨᠡᠭᠦ ᠪᠦᠳᠦᠭᠡᠯ ᠶᠢᠡᠨ ᠪᠠᠶᠠᠯᠢᠭᠵᠢᠭᠤᠯᠬᠤ ᠶᠢᠨ ᠳᠦᠯᠦᠭᠡ 《ᠣᠶᠠᠷᠠᠯᠳᠤ ᠬᠠᠭᠤᠳᠠᠰᠤ》 《ᠰᠡᠳᠬᠢᠯᠭᠡᠳᠤ ᠪᠦᠯᠦᠭ᠌》 《ᠳᠤᠷᠠᠰᠤᠯᠳᠤ ᠪᠦᠯᠦᠭ᠌》 ᠭᠡᠵᠤ ᠭᠡᠳᠤ ᠭᠡᠳᠤᠨ ᠭᠡᠰᠡᠭ᠌ ᠪᠦᠯᠦᠭ᠌ ᠬᠤᠪᠢᠶᠠᠵᠤ ᠳᠠᠯᠪᠢᠪᠠ᠃ ᠨᠢᠭᠡ ᠵᠢᠵᠢᠭ᠌ ᠬᠠᠭᠤᠳᠠᠰᠤ ᠳᠠᠭᠠᠨ ᠣᠷᠢᠬᠠᠨ ᠪᠣᠯᠤᠨ ᠦᠪᠡᠷ ᠤᠨ ᠶᠢᠡᠨ ᠢᠮᠸᠯ ᠢ ᠬᠠᠳᠠᠭᠠᠯᠠᠵᠤ ᠴᠤᠤᠵᠢᠯᠠᠪᠠ᠃ ᠡᠳᠡᠭᠡᠷ ᠢᠮᠸᠯ ᠶᠢᠡᠨ ᠵᠡᠭᠦᠡᠰᠢ ᠪᠠᠷᠠᠭᠤᠠᠰᠢ ᠳᠡᠭᠡᠭ᠍ᠰᠢ ᠳᠤᠷᠤᠭᠰᠢ ᠰᠢᠯᠵᠢᠭᠦᠯᠵᠤ ᠡᠷᠭᠢᠭᠦᠯᠦᠭ᠍ᠰᠡᠨ ᠶᠢᠡᠨ ᠪᠠᠰᠠ ᠭᠡᠳᠤᠨ ᠭᠡᠰᠡᠭ᠌ ᠪᠦᠯᠦᠭ᠌ ᠬᠤᠪᠢᠶᠠᠯ᠎ᠠ᠃ ᠭᠡᠪᠠᠴᠤ ᠪᠠᠰᠠ ᠶᠠᠭᠤ ᠨᠢᠭᠡ ᠶᠠᠭᠤᠮ᠎ᠠ ᠳᠤᠳᠠᠭᠳᠠᠵᠤ ᠪᠠᠢ᠌ᠬᠤ ᠰᠢᠭ ᠪᠣᠯᠬᠤᠷ ᠣᠷᠢᠬᠠᠨ ᠤ ᠰᠡᠭᠦᠳᠡᠷ ᠢ ᠬᠠᠭᠤᠳᠠᠰᠤ ᠪᠣᠯᠭᠠᠨ ᠳᠤ ᠨᠠᠭᠠᠵᠤ ᠳᠠᠯᠪᠢᠪᠠ᠃

ᠭᠦᠰᠡᠯ ᠠᠪᠣ ᠳᠠᠭᠠᠨ ᠪᠠᠷᠳᠠᠮᠨᠠᠬᠤ ᠪᠠᠷ ᠬᠠᠷᠢᠭᠰᠠᠨ ᠳᠤ ᠠᠪᠣ ᠨᠢ ᠭᠡᠨᠡᠳᠲᠡ ᠶᠢᠨ ᠵᠢᠷᠦᠭᠡᠨ ᠰᠤᠳᠠᠯ ᠤᠨ ᠳᠦᠭ᠍ᠵᠢᠷᠡᠯ ᠶᠢᠡᠷ ᠨᠠᠰᠤ ᠪᠠᠷᠠᠭᠰᠠᠨ ᠪᠠᠢ᠌ᠪᠠ᠃ ᠭᠦᠰᠡᠯ ᠳᠠᠭᠠᠭᠠᠵᠤ ᠪᠣᠯᠤᠮ᠎ᠠ ᠦᠭᠡᠶ ᠡᠨᠡᠭᠦ ᠭᠠᠰᠢᠭᠤᠳᠠᠯ ᠢ ᠳᠤᠰᠴᠤ ᠠᠪᠣ ᠶᠢᠨ ᠶᠢᠡᠨ ᠬᠣᠢ᠌ᠨᠠᠭᠢ ᠠᠵᠢᠯ ᠢ ᠳᠦᠪᠭᠢᠨᠡᠭᠦᠯᠪᠡ᠃ ᠠᠪᠣ ᠡᠴᠡ ᠪᠠᠨ ᠰᠠᠯᠤᠭᠰᠠᠨ ᠭᠤᠨᠢᠭ ᠵᠤᠪᠠᠯᠠᠩ ᠳᠡᠭᠦᠨ ᠢ ᠡᠨᠡ ᠭᠡᠷ ᠲᠤ ᠥᠯᠡᠳᠡᠭ᠍ᠰᠡᠨ ᠴᠤᠷᠢ ᠶᠢᠨ ᠭᠠᠭᠴᠠ ᠡᠷ᠎ᠡ ᠭᠦᠮᠤᠨ ᠭᠡᠳᠡᠭ᠌ ᠢ ᠮᠡᠳᠡᠭᠦᠯᠦᠯ᠎ᠡ᠃ ᠳᠠᠷᠠ ᠡᠵᠢ ᠪᠣᠯᠤᠨ ᠡᠭᠡᠴᠢ ᠶᠢᠨ ᠶᠢᠡᠨ ᠳᠦᠯᠦᠭᠡ ᠴᠤ ᠭᠡᠰᠡᠨ ᠡᠨᠡ ᠭᠡᠷ ᠲᠤ ᠡᠭᠦᠷᠭᠡᠯᠡᠪᠠᠰᠤ ᠵᠤᠭᠢᠬᠤ ᠬᠠᠷᠢᠭᠤᠴᠠᠯᠭ᠎ᠠ ᠪᠠᠨ ᠭᠦᠢᠴᠡᠳᠭᠡᠵᠤ ᠪᠣᠳᠠᠳᠤ ᠠᠮᠢᠳᠤᠷᠠᠯ ᠳᠤ ᠪᠣᠳᠠᠳᠠᠢ ᠪᠠᠷ ᠬᠠᠠᠳᠤᠬᠤ ᠭᠡᠷᠡᠭ᠍ᠳᠡᠢ ᠭᠡᠵᠤ ᠠᠵᠢᠯ ᠡᠷᠢᠵᠤ ᠭᠢᠭᠦ ᠪᠠᠷ ᠰᠢ᠌ᠤᠠᠪᠠ᠃

ᠡᠨᠡ ᠦᠶ᠎ᠡ ᠣᠷᠢᠬᠠᠨ ᠤ ᠡᠵᠢ ᠨᠢ ᠪᠠᠰᠠ ᠦᠬᠢᠨ ᠶᠢᠡᠨ ᠨᠢᠭᠡ ᠡᠡᠭ᠌ ᠤᠨ ᠭᠦᠤ ᠲᠡᠶ ᠳᠤᠤᠷ ᠰᠦᠯᠵᠢᠶ᠎ᠠ ᠪᠠᠷ ᠢᠨᠠᠭᠯᠠᠵᠤ ᠪᠠᠢ᠌ᠬᠤ ᠶᠢ ᠮᠡᠳᠡᠭᠡᠳ ᠳᠠᠰᠤ ᠡᠰᠡᠷᠭᠦᠴᠡᠵᠤ᠂ ᠳᠡᠭᠦᠨ ᠤ ᠣᠳᠠᠰᠤ ᠪᠦᠭᠦᠨ ᠢ ᠬᠤᠷᠢᠭᠯᠠᠭᠰᠠᠨ ᠮᠥᠷᠳᠡᠭᠡᠨ ᠣᠤᠯ ᠤᠨ ᠡᠷᠡᠭ᠍ᠳᠡᠢ ᠨᠠᠢ᠌ᠵᠠ ᠲᠡᠶ ᠪᠠᠨ ᠬᠠᠷᠢᠴᠠᠭ᠎ᠠ ᠪᠠᠨ ᠰᠡᠷᠭᠦᠭᠡᠭᠦ ᠶᠢ ᠱᠠᠭᠠᠷᠳᠠᠵᠤ ᠪᠠᠢ᠌ᠪᠠ᠃

ᠭᠦᠰᠡᠯ ᠠᠵᠢᠯ ᠶᠢᠡᠨ ᠳᠠᠭᠤᠰᠬᠠᠭᠠᠤᠨ ᠬᠤᠭᠤᠯᠠᠨ ᠭᠡᠷ ᠤᠨ ᠡᠭᠦᠳᠡᠨ ᠳᠤ ᠭᠠᠷᠴᠤ ᠰᠠᠭᠤᠪᠠ᠃ ᠠᠭᠤᠳᠠᠮ ᠬᠤᠷᠸ᠎ᠠ ᠳᠤ ᠢᠩᠭᠢᠵᠤ ᠭᠠᠭᠴᠠᠭᠠᠷᠳᠠᠬᠤ ᠳᠤ ᠣᠷᠴᠢᠨ ᠳᠤᠭᠤᠷᠢᠨ ᠴᠤ ᠲᠤᠩ ᠣᠢ᠌ᠤᠠᠬᠠᠷᠳᠠᠢ ᠰᠠᠨᠠᠭᠳᠠᠨ᠎ᠠ᠃ ᠳᠠᠷᠠ ᠠᠩᠬ᠎ᠠ ᠣᠳᠠᠭ᠎ᠠ ᠦᠪᠡᠷ ᠤᠨ ᠪᠠᠶ᠎ᠠ ᠪᠠᠨ ᠨᠢᠭᠡ ᠮᠥᠭᠦᠯᠢᠭ᠌ ᠪᠣᠳᠠᠭᠠᠨ ᠤ ᠣᠢ᠌ᠯᠠᠳᠤᠯ ᠦᠭᠡᠶ ᠭᠡᠵᠤ ᠭᠤᠯᠤᠪᠠ᠃ ᠣᠷᠢᠬᠠᠨ ᠤ ᠡᠶᠡᠯᠰᠡᠭ᠌ ᠶᠠᠷᠢᠶ᠎ᠠ ᠰᠠᠨᠠᠭᠠᠨ ᠳᠤᠨᠢ ᠡᠷᠭᠢᠯᠳᠦᠭᠡᠳ ᠯᠠ ᠢᠨᠢᠶᠡᠮᠰᠦᠭᠯᠡᠯ ᠪᠢᠯᠬᠠᠭᠰᠠᠨ ᠰᠡᠭᠦᠳᠡᠷ ᠢ ᠨᠢ ᠭᠠᠷᠭᠠᠵᠤ ᠬᠠᠷᠠᠪᠠ᠃ ᠳᠡᠷᠡᠭᠦ ᠢᠨᠢᠶᠡᠮᠰᠦᠭᠯᠡᠯ ᠶᠠᠭ ᠳᠡᠭ᠍ᠷᠢ ᠳᠤ ᠭᠢᠯᠠᠯᠵᠠᠬᠤ ᠳᠠᠷᠠ ᠨᠢᠭᠡ ᠣᠳᠤ ᠰᠢᠭ ᠲᠤᠩ ᠳᠤᠳᠤᠬᠠᠨ ᠮᠥᠷᠳᠡᠭᠡᠨ ᠲᠤᠩ ᠬᠤᠯᠠ ᠪᠠᠢ᠌ᠪᠠ᠃ ᠶᠠᠭᠤ ᠴᠤ ᠭᠡᠰᠡᠨ ᠣᠷᠢᠬᠠᠨ ᠪᠣᠯ ᠳᠡᠭᠦᠨ ᠤ ᠰᠡᠳᠭᠢᠯ ᠢ ᠭᠦᠳᠡᠯᠭᠡᠭ᠍ᠰᠡᠨ ᠠᠩᠬᠠᠨ ᠤ ᠦᠬᠢᠨ᠂ ᠳᠡᠭᠦᠨ ᠳᠤ ᠯᠠ ᠬᠠᠢ᠌ᠷ᠎ᠠ ᠰᠡᠳᠬᠢᠯᠭᠡ ᠪᠠᠨ ᠭᠦᠡᠳᠡᠭ᠍ᠰᠡᠨ᠃ ᠬᠠᠮᠤᠭ ᠨᠠᠭᠠᠳᠤ ᠵᠠᠬ᠎ᠠ ᠳᠠᠭᠠᠨ ᠠᠩᠬᠠᠨ ᠤ ᠬᠠᠢ᠌ᠷ᠎ᠠ ᠳᠠᠭᠠᠨ ᠪᠢ ᠦᠨᠡᠠᠴᠢ ᠪᠠᠨ ᠢᠯᠡᠳᠭᠡᠵᠤ᠂ ᠣᠴᠢᠷ ᠶᠢᠡᠨ ᠣᠯᠤᠯᠴᠠᠪᠠᠯ ᠳᠠᠭᠠᠷᠠᠨ᠎ᠠ ᠭᠡᠵᠤ ᠰᠢᠤᠳᠠᠨ ᠳᠤᠪᠴᠢᠶ᠎ᠠ ᠶᠢ ᠴᠢᠭᠯᠡᠯ᠎ᠡ᠃

᠊᠊᠊᠊᠊᠊᠊᠊᠊᠊᠊᠊᠊᠊᠊ ᠪᠠᠢ᠌ᠨ᠎ᠠ ᠦᠦ︖ ᠭᠡᠨ᠁ ᠭᠡᠵᠤ ᠡᠰᠡᠷᠭᠦ ᠡᠳᠡᠭᠡᠳ ᠨᠢ ᠥᠭᠡ ᠪᠠᠨ ᠭᠡᠯᠡᠵᠤ ᠪᠠᠷᠠᠬᠤ ᠡᠴᠡ ᠣᠷᠢᠳᠠ᠄

᠊᠊᠊᠊᠊᠊᠊᠊᠊᠊᠊᠊᠊᠊᠊ ᠮᠠᠨ ᠤ ᠭᠡᠷ ᠲᠤ ᠣᠴᠢᠷ ᠭᠠᠷᠴᠠᠢ᠂ ᠪᠢ ᠳᠠᠭᠢᠭᠠᠤᠨ ᠰᠦᠯᠵᠢᠶᠠᠨ ᠳᠡᠭᠡᠷ᠎ᠡ ᠭᠠᠷᠬᠤ ᠦᠭᠡᠶ᠂ ᠴᠢ ᠴᠤ ᠨᠠᠳᠠᠳᠤ ᠣᠳᠠᠰᠤ ᠠᠪᠣᠭᠰᠠᠨ ᠤ ᠭᠡᠷᠡᠭ᠌ ᠦᠭᠡᠶ᠃ ᠪᠠᠶᠠᠷᠳᠠᠢ᠂ ᠪᠢ ᠴᠢᠮᠠᠳᠤ ᠬᠠᠢ᠌ᠷᠠᠳᠠᠢ︕ ᠭᠡᠳ ᠣᠳᠠᠰᠤ ᠪᠠᠨ ᠳᠠᠯᠪᠢᠮᠠᠭᠴᠠ ᠭᠠᠷᠴᠤ ᠭᠦᠶ‍ᠦᠯ᠎ᠡ᠃ ᠳᠠᠷᠠ ᠨᠢᠭᠡ ᠭᠦᠮᠤᠨ ᠦᠭᠡᠶ ᠭᠠᠵᠠᠷ ᠣᠯᠵᠤ ᠡᠭᠡᠷ ᠳᠠᠳᠠᠨ ᠣᠭᠢᠯᠠᠪᠠ᠃

ᠣᠷᠢᠬᠠᠨ ᠤ ᠡᠵᠢ ᠨᠢ ᠣᠳᠠᠰᠤᠨ ᠤ ᠨᠤᠮᠸᠷ ᠢ ᠳᠠᠭᠢᠨ ᠳᠠᠭᠢᠨ ᠯᠠᠪᠯᠠᠵᠤ ᠰᠠᠭᠤᠬᠤ ᠳᠠᠭᠠᠨ ᠡᠳᠡᠨ ᠤ ᠬᠠᠷᠢᠴᠠᠭ᠎ᠠ ᠳᠠᠰᠤᠷᠠᠵᠠᠢ ᠭᠡᠵᠤ ᠪᠠᠶᠠᠷᠯᠠᠬᠤ ᠪᠣᠯᠪᠠᠴᠤ 《ᠮᠢᠨᠤ ᠦᠬᠢᠨ ᠶᠢᠡᠷ ᠨᠠᠭᠠᠳᠬᠤ ᠳᠠᠭᠠᠨ᠁》 ᠭᠡᠵᠤ ᠪᠠᠰᠠ ᠬᠤᠷᠤᠰᠴᠤ ᠭᠠᠷᠪᠠ᠃

《ᠡᠷᠭᠡ ᠴᠢᠯᠦᠭᠡ》 ᠪᠠᠨ ᠬᠠᠰᠤᠭᠤᠯᠤᠭᠰᠠᠨ ᠣᠷᠢᠬᠠᠨ ᠭᠦᠰᠡᠯ ᠤᠨ ᠳᠠᠭᠤᠤ ᠶᠢ ᠰᠤᠨᠤᠰᠬᠤ ᠦᠭᠡᠶ ᠪᠣᠯ ᠺᠤᠮᠫᠢᠦ᠋ᠲ᠋ᠧᠷ ᠤᠨ ᠡᠮᠦᠨ᠎ᠡ ᠮᠠᠯᠠᠷᠠᠨ ᠦᠪᠡᠷ ᠤᠨ 《ᠬᠠᠢ᠌ᠷᠴᠠᠭ》 ᠳ᠋ᠠᠭᠢ ᠭᠦᠰᠡᠯ ᠤᠨ ᠢᠮᠸᠯ ᠢ ᠳᠠᠭᠢᠨ ᠳᠠᠪᠳᠠᠨ ᠣᠷᠪᠠᠭᠤᠯᠵᠤ ᠨᠢᠯᠪᠣᠰᠤ ᠪᠦᠮᠪᠦᠷᠢᠭᠦᠯᠤᠨ ᠰᠠᠭᠤᠨ᠎ᠠ᠃

ᠪᠠᠶᠠᠷ ᠪᠠᠶᠠᠰᠬᠤᠯᠠᠩ᠂ ᠣᠢ᠌ᠤᠠᠬᠠᠷ ᠭᠤᠮᠤᠳᠠᠯ ᠠᠯᠢ ᠪᠦᠭᠦᠨ ᠢ ᠠᠴᠢᠵᠤ ᠳᠡᠭᠡᠭᠡᠭ᠍ᠰᠡᠨ ᠴᠠᠭ ᠮᠦᠴᠡ ᠣᠷᠤᠰᠬᠠᠯ ᠣᠰᠤ ᠰᠢᠭ ᠥᠩᠭᠡᠷᠡᠳᠡᠭ᠌ ᠶᠢᠡᠷ ᠶᠢᠡᠨ ᠥᠩᠭᠡᠷᠡᠨ᠎ᠡ᠃ ᠨᠢᠭᠡ ᠮᠡᠳᠡᠭ᠍ᠰᠡᠨ ᠴᠢᠨᠢ ᠬᠤᠶᠠᠷ ᠰᠠᠷ᠎ᠠ ᠥᠩᠭᠡᠷᠡᠭ᠍ᠰᠡᠨ ᠪᠠᠢ᠌ᠪᠠ᠃ ᠭᠡᠪᠠᠴᠤ ᠭᠦᠰᠡᠯ ᠤᠨ ᠰᠡᠳᠭᠢᠯ ᠳᠤ ᠠᠮᠢᠯᠠᠭᠰᠠᠨ ᠣᠷᠢᠬᠠᠨ ᠤ ᠳᠦᠷᠢ ᠶᠠᠷᠤ ᠬᠤᠪᠢᠷᠠᠭ᠎ᠠ ᠦᠭᠡᠶ᠃ ᠣᠷᠢᠬᠠᠨ ᠤ ᠰᠡᠳᠭᠢᠯ ᠳᠤ ᠠᠮᠢᠯᠠᠭᠰᠠᠨ ᠭᠦᠰᠡᠯ ᠴᠤ ᠬᠤᠪᠢᠷᠠᠭ᠎ᠠ ᠦᠭᠡᠶ᠃ ᠭᠦᠰᠡᠯ ᠣᠷᠢᠬᠠᠨ ᠢ ᠪᠣᠳᠤᠬᠤ ᠪᠦᠷᠢ ᠠᠯᠢᠪᠠ ᠰᠡᠳᠭᠢᠯ ᠶᠢᠡᠨ ᠠᠵᠢᠯ ᠳᠠᠭᠠᠨ ᠳᠦᠪᠯᠡᠷᠡᠭᠦᠯᠭᠦ ᠪᠠᠷ ᠴᠢᠷᠮᠠᠢ᠌ᠨ᠎ᠠ᠃ ᠣᠷᠢᠬᠠᠨ ᠭᠦᠰᠡᠯ ᠢ ᠪᠣᠳᠤᠬᠤ ᠪᠣᠯᠭᠠᠨ ᠡᠵᠢ ᠲᠡᠶ ᠪᠠᠨ ᠦᠰᠢᠵᠤ ᠬᠤᠭᠤᠯᠠᠨ ᠡᠴᠡ ᠭᠠᠷᠤᠨ᠎ᠠ᠃

᠊᠊᠊᠊᠊᠊᠊᠊᠊᠊᠊᠊᠊᠊᠊ ᠴᠢ ᠭᠡᠦᠭᠡᠨ ᠶᠢᠡᠨ ᠴᠤᠬᠤᠮ ᠶᠠᠭᠠᠭᠢᠬᠤ ᠭᠡᠵᠤ ᠪᠠᠢ᠌ᠬᠤ ᠶᠤᠮ︖ ᠣᠷᠢᠬᠠᠨ ᠤ ᠳᠤᠷᠠᠵᠤ ᠮᠠᠭᠤᠳᠠᠭᠰᠠᠨ ᠳᠦᠷᠢ ᠶᠢ ᠠᠪᠣ ᠨᠢ ᠦᠵᠡᠵᠤ ᠳᠡᠰᠭᠦ ᠪᠠᠨ ᠪᠣᠯᠢᠯ᠎ᠠ᠃

᠊᠊᠊᠊᠊᠊᠊᠊᠊᠊᠊᠊᠊᠊᠊ ᠳᠠᠷᠠ ᠴᠢᠨᠢ ᠦᠪᠡᠷ ᠶᠢᠡᠨ ᠣᠯᠤᠭᠰᠠᠨ ᠵᠤᠪᠠᠯᠠᠩ᠃ ᠨᠠᠳᠠᠳᠤ ᠬᠠᠮᠢᠶ᠎ᠠ ᠦᠭᠡᠶ᠃

᠊᠊᠊᠊᠊᠊᠊᠊᠊᠊᠊᠊᠊᠊᠊ ᠪᠢ ᠬᠠᠷᠢᠨ ᠣᠯᠤᠰ ᠤᠨ ᠳᠤᠳᠤᠭᠠᠳᠤ ᠡᠴᠡ ᠪᠠᠨ ᠭᠦᠷᠭᠡᠨ ᠣᠯᠬᠤ ᠶᠢ ᠵᠦᠪᠰᠢᠶᠠᠷᠠᠨ᠎ᠠ᠃

᠊᠊᠊᠊᠊᠊᠊᠊᠊᠊᠊᠊᠊᠊᠊ ᠴᠢ᠁ ᠴᠢ ᠳᠡᠭᠡᠭᠡᠳ ᠨᠢᠭᠡ ᠰᠠᠢ᠌ᠨ ᠢ ᠨᠢ ᠣᠯᠤᠭᠠᠤᠨ ᠦᠭ‍ᠭᠦᠨ᠎ᠡ ᠪᠢᠵᠠ᠃

᠊᠊᠊᠊᠊᠊᠊᠊᠊᠊᠊᠊᠊᠊᠊ ᠦᠪᠡᠷ ᠶᠢᠡᠨ ᠣᠯᠪᠠᠯ ᠳᠡᠭᠡᠷ᠎ᠡ ᠰᠢᠤ ︕

᠊᠊᠊᠊᠊᠊᠊᠊᠊᠊᠊᠊᠊᠊᠊ ᠣᠯᠤᠨ᠎ᠠ᠂ ᠰᠦᠯᠵᠢᠶᠠᠨ ᠳᠡᠭᠡᠷ᠎ᠡ ᠡᠴᠡ ᠶᠠᠮᠠᠷ ᠰᠠᠢ᠌ᠨ ᠢ ᠣᠯᠬᠤ ︖ ᠳᠠᠷᠠ ᠭᠠᠵᠠᠷ ᠤᠳ ᠶᠢᠡᠷ ᠰᠠᠨᠠᠭᠠᠨ ᠳᠤ ᠳᠠᠭᠠᠷᠠᠭᠰᠠᠨ ᠰᠠᠢ᠌ᠨ ᠨᠥᠭᠦᠷ ᠣᠯᠳᠠᠳᠠᠭ ᠪᠣᠯ᠂ ᠶᠤᠰᠤᠳᠠᠢ ᠳᠡᠭ᠍ᠷᠢ ᠡᠴᠡ ᠪᠣᠤᠪᠣ ᠪᠠᠭᠤᠭᠰᠠᠨ ᠥᠯᠢᠭᠡᠷ ᠭᠠᠷᠤᠨ᠎ᠠ᠃ ᠠᠭᠠᠷ ᠵᠥᠭ᠌ ᠠᠯᠠᠭ᠎ᠠ ᠪᠠᠨ ᠳᠤᠰᠪᠠᠯ ᠠᠳᠬᠤ ᠰᠢᠭᠢᠷ ᠪᠠᠭᠤᠵᠤ ᠢᠷᠠᠨ᠎ᠠ ᠭᠡᠳ ᠪᠣᠳᠤᠵᠤ ᠪᠠᠢ᠌ᠨ᠎ᠠ ᠦᠦ︖

᠊᠊᠊᠊᠊᠊᠊᠊᠊᠊᠊᠊᠊᠊᠊ ᠴᠢ ᠥᠵᠡᠭ᠍ᠰᠡᠨ ᠦᠭᠡᠶ ᠪᠠᠷ ᠭᠦᠮᠤᠨ ᠤ ᠰᠠᠢ᠌ᠨ ᠮᠠᠭᠤ ᠶᠢ ᠶᠠᠭᠠᠭᠢᠵᠤ ᠮᠡᠳᠡᠭ᠍ᠰᠡᠨ ᠪᠣᠢ︖ ᠬᠤᠭᠤᠰᠤᠨ ᠳᠠᠭᠠᠮᠠᠭᠯᠠᠯ᠁

ᠡᠨᠡ ᠥᠭᠡ ᠬᠠᠷᠢᠨ ᠡᠵᠢ ᠶᠢᠡᠨ ᠭᠢᠨᠢ ᠰᠡᠳᠭᠢᠯ ᠢ ᠭᠦᠡᠳᠡᠪᠡ᠃ ᠶᠠᠷᠤ ᠨᠢ ᠶᠠᠮᠠᠷ ᠳᠤᠮᠤᠭ᠎ᠠ ᠦᠭᠡᠶ ᠬᠡᠦᠬᠡᠳ ᠮᠢᠨᠤ ᠦᠬᠢᠨ ᠢ ᠢᠩᠭᠢᠵᠤ ᠵᠤᠪᠠᠭᠠᠳᠠᠭ ᠪᠣᠯ︖ ᠦᠬᠢᠨ ᠢ ᠮᠢᠨᠢ ᠮᠡᠭᠡᠯᠡᠭ᠍ᠰᠡᠨ ᠭᠦᠮᠤᠨ ᠢ ᠪᠢ ᠯᠠᠪ ᠵᠥᠭᠡᠷ ᠳᠠᠯᠪᠢᠬᠤ ᠦᠭᠡᠶ ᠭᠡᠮᠡᠨ ᠪᠣᠳᠤᠵᠤ ᠰᠠᠭᠤᠳᠠᠭ ᠳᠡᠭᠦᠨ ᠤ ᠰᠠᠨᠠᠭᠠᠨ ᠳᠤ ᠨᠡᠢ᠌ᠴᠡᠭ᠍ᠰᠡᠨ ᠰᠢᠭ᠌ ᠪᠣᠯᠪᠠ᠃

᠊᠊᠊᠊᠊᠊᠊᠊᠊᠊᠊᠊᠊᠊᠊ ᠴᠢ ᠳᠡᠭᠡᠭᠡᠳ ᠨᠠᠳᠠ ᠶᠢ ᠶᠠᠪᠣᠵᠤ ᠦᠨᠡᠨ ᠪᠠᠢ᠌ᠳᠠᠯ ᠢ ᠦᠵᠡ ᠭᠡᠰᠡᠨ ᠥᠭᠡ ᠦᠦ︖

᠊᠊᠊᠊᠊᠊᠊᠊᠊᠊᠊᠊᠊᠊᠊ ᠳᠠ ᠬᠤᠶᠠᠭᠤᠯᠠ ᠶᠢ᠃ ᠦᠨᠡᠨ ᠶᠠᠮᠠᠷ ᠪᠠᠢ᠌ᠬᠤ ᠶᠢ ᠮᠡᠳᠡᠴᠢᠭᠡᠪᠠᠯ ᠭᠡᠨ ᠠᠯᠢᠨ ᠳᠠᠭᠠᠨ ᠠᠮᠤᠷ ᠦᠭᠡᠶ ᠦᠦ︖ ᠭᠦᠮᠤᠨ ᠢ ᠢᠳᠡᠭᠡᠭᠦ ᠦᠭᠡᠶ ᠴᠤ ᠬᠡᠦᠬᠡᠳ ᠶᠢᠠᠨ ᠢᠳᠡᠭᠡᠨ᠎ᠡ ᠪᠢᠵᠠ᠂ ᠣᠷᠢᠬᠠᠨ ᠳᠠᠢ᠌ᠮᠤ ᠣᠬᠠᠭᠠᠨ ᠦᠭᠡᠶ ᠬᠡᠦᠬᠡᠳ ᠪᠢᠰᠢ ᠰᠢᠤ᠃

᠊᠊᠊᠊᠊᠊᠊᠊᠊᠊᠊᠊᠊᠊᠊ ᠳᠠᠢ᠌ᠮᠤ ᠨᠢ ᠴᠤ ᠳᠠᠢ᠌ᠮᠤ ᠡ᠃ ᠪᠢ ᠳᠡᠭᠡᠭᠡᠳ ᠮᠠᠷᠭᠠᠰᠢ ᠶᠠᠪᠣᠨ᠎ᠠ ᠦᠦ︖ ᠮᠠᠭᠤ ᠳᠠᠯ᠎ᠠ ᠡᠴᠡ ᠢᠯᠡᠭᠦᠤ ᠪᠣᠳᠤᠵᠤ ᠴᠠᠭᠳᠠᠭ᠎ᠠ ᠳᠠᠭᠠᠭᠤᠯᠤᠶ᠎ᠠ᠃

᠊᠊᠊᠊᠊᠊᠊᠊᠊᠊᠊᠊᠊᠊᠊ ᠪᠣᠯᠵᠠᠢ᠃ ᠪᠢ ᠭᠢᠷᠢ ᠭᠡᠮ ᠢ ᠮᠠᠳᠠᠨ᠎ᠠ᠃

᠊᠊᠊᠊᠊᠊᠊᠊᠊᠊᠊᠊᠊᠊᠊ ᠳᠡᠭᠡᠪᠠᠯ ᠦᠬᠢᠨ ᠲᠡᠶ ᠪᠠᠨ ᠶᠠᠷᠢᠯᠴᠠᠵᠤ ᠦᠵᠡ᠃ ᠡᠵᠢ ᠨᠢ ᠭᠦᠰᠡᠯ ᠢ ᠥᠵᠡᠭᠦ ᠪᠠᠷ ᠶᠠᠪᠣᠨ᠎ᠠ ᠭᠡᠰᠡᠨ ᠢ ᠣᠷᠢᠬᠠᠨ ᠡᠭᠢᠯᠡᠭ᠍ᠰᠡᠭᠡᠷ ᠢᠳᠡᠭᠡᠭ᠍ᠰᠡᠨ ᠦᠭᠡᠶ᠃ ᠭᠡᠪᠠᠴᠤ ᠠᠪᠣ ᠨᠢ ᠳᠤᠯᠤᠭᠠᠢ ᠳᠤᠭᠢᠵᠤ ᠪᠠᠢ᠌ᠬᠤ ᠪᠣᠯᠬᠤᠷ ᠳᠤᠳᠤᠷ᠎ᠠ ᠪᠠᠨ ᠰᠠᠮ ᠪᠠᠶᠠᠷᠯᠠᠪᠠ᠃

᠊᠊᠊᠊᠊᠊᠊᠊᠊᠊᠊᠊᠊᠊᠊ ᠣᠷᠢᠬᠠᠨ ᠡ᠂ ᠬᠤᠭᠤᠯᠠᠨ ᠤ ᠳᠠᠷᠠᠭ᠎ᠠ ᠳᠠᠷᠠ ᠭᠦᠤ ᠳᠤ ᠣᠳᠠᠰᠤ ᠠᠪᠴᠤ ᠬᠤᠶᠠᠭᠤᠯᠠ ᠣᠴᠢᠬᠤ ᠪᠠᠨ ᠮᠡᠳᠡᠭ᠍ᠳᠡᠭᠡᠷᠡᠢ︕

᠊᠊᠊᠊᠊᠊᠊᠊᠊᠊᠊᠊᠊᠊᠊ ᠡᠵᠢ ᠡ᠂ ᠦᠨᠡᠨ ᠦᠦ︖ ᠪᠢ ᠣᠳᠤᠬᠠᠨ ᠣᠳᠠᠰᠤᠳᠠᠶ᠎ᠠ᠃

᠊᠊᠊᠊᠊᠊᠊᠊᠊᠊᠊᠊᠊᠊᠊ ᠭᠢ ᠭᠢ᠁ ᠡᠨᠡ ᠬᠡᠦᠬᠡᠳ᠁ ᠦᠬᠢᠨ ᠤ ᠭᠢ ᠣᠷᠮ᠎ᠠ ᠰᠡᠷᠭᠦᠭ᠍ᠰᠡᠨ ᠳᠤ ᠡᠵᠢ ᠠᠪᠣ ᠨᠢ ᠳᠠᠭᠠᠭᠠᠤᠨ ᠪᠠᠶᠠᠷᠯᠠᠨ᠎ᠠ᠃

ᠭᠦᠰᠡᠯ ᠪᠦᠳᠤᠨ ᠭᠡᠷ ᠣᠳᠤᠭ᠎ᠠ ᠳᠤᠰᠤ ᠪᠣᠳᠠᠷᠭᠠᠭᠰᠠᠨ ᠵᠤᠤᠬᠠᠨ ᠬᠠᠵᠠᠭᠤ ᠳᠤ ᠵᠤᠭᠰᠤᠨ ᠨᠤᠭᠤᠭ᠎ᠠ ᠬᠠᠭᠤᠷᠴᠤ ᠪᠠᠢ᠌ᠬᠤ ᠳᠤ ᠡᠭᠡᠴᠢ ᠨᠢ ᠰᠠᠩᠳᠠ ᠮᠠᠩᠳᠠ ᠣᠷᠤᠵᠤ ᠢᠷᠠᠨ᠄

᠊᠊᠊᠊᠊᠊᠊᠊᠊᠊᠊᠊᠊᠊᠊ ᠭᠦᠰᠡᠯ ᠡ᠂ ᠳᠠᠷᠠ ᠳᠠᠷᠠ᠁

᠊᠊᠊᠊᠊᠊᠊᠊᠊᠊᠊᠊᠊᠊᠊ ᠡᠭᠡᠴᠢ ᠡ᠂ ᠶᠠᠭᠠᠭᠢᠭᠰᠠᠨ ᠪᠣᠢ︖

᠊᠊᠊᠊᠊᠊᠊᠊᠊᠊᠊᠊᠊᠊᠊ ᠳᠠᠷᠠ ᠰᠢᠨ᠎ᠠ ᠽᠢᠨᠯᠠᠠᠳ᠋ ᠡᠴᠡ ᠣᠳᠠᠰᠤ ᠢᠷᠡᠭ᠍ᠰᠡᠨ᠃ ᠳᠠᠷᠠ ᠦᠬᠢᠨ ᠡᠵᠢ ᠲᠡᠶ ᠪᠠᠨ ᠢᠷᠠᠨ᠎ᠠ ᠭᠡᠨ᠎ᠡ ᠭᠡᠵᠤ ᠠᠮᠢᠰᠤᠭᠠᠳᠠᠨ ᠭᠡᠯᠡᠪᠡ᠃

᠊᠊᠊᠊᠊᠊᠊᠊᠊᠊᠊᠊᠊᠊᠊ ᠡᠨ ⁈ ᠶᠠᠭᠤ᠁

᠊᠊᠊᠊᠊᠊᠊᠊᠊᠊᠊᠊᠊᠊᠊ ᠪᠠᠰᠠ ᠴᠢᠮ᠎ᠠ ᠶᠢ ᠦᠷᠦᠢ ᠶᠢᠨ ᠳᠤᠯᠤᠭᠠᠨ ᠴᠠᠭ ᠲᠤ ᠣᠳᠠᠰᠤ ᠭᠦᠯᠢᠶᠡᠵᠤ ᠪᠠᠢ᠌ᠭᠠᠷᠠᠢ ᠭᠡᠰᠡᠨ᠂ ᠦᠨᠡᠨ ᠰᠢᠤ᠂ ᠦᠨᠡᠨ᠃

ᠡᠨᠡ ᠴᠢᠮᠡᠭᠡ ᠭᠦᠰᠡᠯ ᠢ ᠭᠠᠷ ᠭᠦᠯ ᠶᠢᠡᠨ ᠳᠠᠯᠪᠢᠬᠤ ᠭᠠᠵᠠᠷ ᠦᠭᠡᠶ ᠪᠣᠯᠳᠠᠯ᠎ᠠ ᠪᠠᠴᠢᠮᠳᠠᠭᠤᠯᠪᠠ᠃ 《ᠢᠷᠠᠨ᠎ᠠ᠂ ᠡ᠊ᠨᠳᠡ ᠢᠷᠠᠨ᠎ᠠ᠃ ᠶᠠᠭᠠᠭᠢᠵᠤ ᠣᠭᠳᠤᠬᠤ ᠪᠣᠢ︖ ᠮᠠᠨ ᠤ ᠡᠨᠡ ᠵᠢᠵᠢᠭ᠌ ᠬᠠᠷ᠎ᠠ ᠭᠡᠷ ᠲᠤ ᠦᠦ︖ ᠡᠰᠡᠭᠦᠯ᠎ᠡ᠁ ᠦᠭᠡᠶ᠂ ᠣᠷᠢᠬᠠᠨ ᠮᠠᠨ ᠤ ᠡ᠊ᠨᠳᠡᠭᠢ ᠪᠠᠢ᠌ᠳᠠᠯ ᠢ ᠦᠵᠡᠪᠠᠯ᠁》 ᠭᠡᠭᠦ ᠡᠴᠡ ᠪᠣᠭᠢᠨᠢᠳᠤᠵᠤ ᠭᠠᠴᠢᠭᠳᠠᠨ᠎ᠠ᠃ ᠣᠳᠠᠰᠤ ᠳᠤᠤᠭᠠᠷᠤᠯ᠎ᠠ᠃ ᠭᠦᠰᠡᠯ ᠣᠳᠠᠰᠤ ᠳᠤᠰᠤᠮᠠᠭᠴᠠ ᠣᠷᠢᠬᠠᠨ ᠤ ᠢᠷᠡᠭᠦ ᠶᠢ ᠡᠷᠡᠰ ᠡᠰᠡᠷᠭᠦᠴᠡᠪᠡ᠃

᠊᠊᠊᠊᠊᠊᠊᠊᠊᠊᠊᠊᠊᠊᠊ ᠪᠢ ᠴᠢᠮ᠎ᠠ ᠶᠢ ᠶᠠᠭᠤ ᠪᠣᠳᠤᠵᠤ ᠪᠠᠢ᠌ᠬᠤ ᠶᠢ ᠮᠠᠳᠠᠵᠤ ᠪᠠᠢ᠌ᠨ᠎ᠠ᠃ ᠳᠡᠨᠡᠭ᠌ ᠮᠢᠨᠢ᠂ ᠬᠠᠢ᠌ᠷ᠎ᠠ ᠰᠡᠳᠬᠢᠯᠭᠡ ᠳᠤ ᠪᠠᠢ᠌ᠷᠢ ᠰᠠᠭᠤᠷᠢ᠂ ᠪᠠᠶᠠᠨ ᠶᠠᠳᠠᠭᠤ ᠶᠢᠨ ᠢᠯᠭᠠᠭ᠎ᠠ ᠪᠠᠢ᠌ᠳᠠᠭ ᠦᠭᠡᠶ᠃ ᠪᠢ ᠳᠤᠭᠤᠵᠤ ᠬᠠᠢ᠌ᠷᠠᠯᠠᠵᠤ ᠪᠠᠢ᠌ᠭ᠎ᠠ ᠨᠢ ᠴᠢᠨᠤ ᠡᠨᠡ ᠭᠦᠮᠤᠨ᠂ ᠥᠭᠡᠷ᠎ᠡ ᠶᠠᠭᠤᠮ᠎ᠠ ᠪᠢᠰᠢ᠃ ᠪᠢ ᠡᠵᠢ ᠠᠪᠣ ᠲᠡᠶ ᠵᠥᠪᠳᠡᠯᠴᠡᠭᠡᠳ ᠴᠢᠮ᠎ᠠ ᠶᠢ ᠡ᠊ᠨᠳᠡ ᠢᠷᠡᠭᠦᠯᠭᠦ ᠪᠠᠷ ᠪᠣᠯᠤᠭᠰᠠᠨ᠁

᠊᠊᠊᠊᠊᠊᠊᠊᠊᠊᠊᠊᠊᠊᠊ ᠭᠦ᠁ ᠭᠦᠰᠡᠯ ᠶᠠᠭᠤ ᠴᠤ ᠭᠡᠰᠡᠨ ᠨᠢᠭᠡ ᠣᠷᠳᠤ ᠠᠮᠢᠰᠬᠤᠭ᠎ᠠ ᠠᠪᠣᠯ᠎ᠠ᠃

᠊᠊᠊᠊᠊᠊᠊᠊᠊᠊᠊᠊᠊᠊᠊ ᠴᠢ ᠪᠣᠤ ᠥᠭᠡᠷ᠎ᠡ ᠶᠢ ᠪᠣᠳᠤ ᠡᠨ︕ ᠪᠢ ᠡᠵᠢ ᠪᠠᠨ ᠵᠤᠪᠠᠬᠤ ᠡᠴᠡ ᠠᠶᠤᠭᠰᠠᠨ ᠳᠠᠳᠤᠢ᠁

᠊᠊᠊᠊᠊᠊᠊᠊᠊᠊᠊᠊᠊᠊᠊ ᠦᠭᠡᠶ᠂ ᠴᠢᠨᠤ ᠢᠩᠭᠢᠵᠤ ᠭᠢᠭᠦ ᠶᠢ ᠪᠢ ᠪᠢᠰᠢᠷᠠᠯ᠎ᠠ᠃ ᠪᠢ ᠪᠠᠰᠠ᠁ ᠡᠭᠦᠨ ᠢ ᠶᠠᠷᠢᠬᠤ ᠦᠭᠡᠶ ᠯᠠ᠃ ᠶᠠᠪᠣᠬᠤ ᠡᠳᠦᠷ ᠶᠢᠡᠨ ᠳᠤᠭᠳᠠᠭᠠᠭᠠᠤᠨ ᠳᠠᠭᠢᠵᠤ ᠬᠠᠷᠢᠯᠴᠠᠶ᠎ᠠ᠃

᠊᠊᠊᠊᠊᠊᠊᠊᠊᠊᠊᠊᠊᠊᠊ ᠪᠣᠰᠢᠭᠤᠬᠠᠨ ᠳᠠᠠᠳᠠᠭᠢ ᠪᠠᠨ ᠳᠦᠪᠭᠢᠨᠡᠭᠦᠯᠦᠭᠡᠳ ᠭᠦᠷᠴᠤ ᠢᠷᠡᠭᠡᠷᠡᠢ᠃

ᠣᠳᠠᠰᠤ ᠪᠠᠨ ᠳᠠᠯᠪᠢᠮᠠᠭᠴᠠ ᠭᠦᠰᠡᠯ ᠭᠦᠶ‍ᠦᠵᠤ ᠭᠠᠷᠤᠨ ᠨᠢᠭᠡ ᠳᠡᠯᠡᠭᠡᠢ ᠶᠢᠨ ᠭᠠᠵᠠᠷ ᠤᠨ ᠵᠢᠷᠤᠭ ᠠᠪᠣᠯ᠎ᠠ᠃ ᠭᠦᠯ ᠨᠢ ᠭᠦᠩᠭᠡᠷᠡᠭᠡᠳ ᠭᠡᠢ ᠳᠡᠭᠡᠷ᠎ᠡ ᠳᠡᠭ᠍ᠳᠡᠵᠤ ᠪᠠᠢ᠌ᠬᠤ ᠰᠢᠭ ᠰᠠᠨᠠᠭᠳᠠᠬᠤ ᠶᠤᠮ᠃ 《ᠢᠨᠠᠭ ᠳᠤᠷᠠᠯᠠᠯ ᠡᠢ᠌ᠮᠤ ᠯᠠ ᠭᠠᠢ᠌ᠬᠠᠯᠳᠠᠢ》 ᠭᠡᠵᠤ ᠭᠠᠭᠴᠠᠭᠠᠷ ᠶᠢᠡᠨ ᠢᠨᠢᠶᠡᠭ᠍ᠰᠡᠨ ᠶᠢᠡᠨ ᠬᠤᠶᠠᠷ ᠮᠦᠷᠤ ᠪᠠᠨ ᠳᠡᠭᠡᠭ᠍ᠰᠢ ᠳᠤᠭᠤᠭᠰᠢ ᠭᠡᠳᠤ ᠭᠦᠳᠡᠯᠭᠡᠯ᠎ᠡ᠃ ᠪᠠᠰᠠ ᠬᠠᠰᠭᠢᠷᠠᠪᠠᠯ ᠪᠣᠯᠤᠮᠠᠷ ᠴᠤ ᠰᠢᠭ᠂ ᠳᠠᠭᠤᠯᠠᠬᠤ ᠴᠤ ᠶᠤᠮ ᠦᠦ︖ ᠭᠡᠰᠡᠨ ᠶᠢᠡᠨ ᠪᠣᠯᠢᠵᠤ ᠬᠤᠶᠠᠷ ᠭᠦᠯ ᠶᠢᠡᠨ ᠵᠡᠷᠭᠡᠴᠡᠭᠦᠯᠵᠤ ᠳᠡᠭᠡᠭ᠍ᠰᠢ ᠭᠡᠳᠤ ᠦᠰᠦᠷᠪᠠ᠃ ᠬᠠᠷᠢᠵᠤ ᠢᠷᠡᠮᠡᠭ᠍ᠴᠡ 《ᠰᠢᠨ᠎ᠠ ᠽᠢᠨᠯᠠᠠᠳ᠋》 ᠊ᠢ ᠣᠯᠵᠤ ᠳᠤᠭᠣᠢ᠌ᠯᠠᠭᠤᠯᠵᠤ ᠵᠢᠷᠤᠯ᠎ᠠ᠃ 《ᠪᠦᠳᠤᠨ ᠵᠢᠯ ᠤᠨ ᠢᠷᠦᠭᠡᠯ᠂ ᠪᠢᠳᠡᠭᠦᠤ ᠰᠦᠨᠢ ᠶᠢᠨ ᠬᠤᠪᠢᠶᠠᠷᠢ》 ᠭᠡᠭ᠍ᠴᠢ ᠪᠠᠷ ᠨᠠᠳᠠᠳᠤ ᠡᠢ᠌ᠮᠤ ᠨᠢᠭᠡ ᠬᠤᠪᠢ ᠪᠠᠰᠠ ᠪᠠᠢ᠌ᠵᠠᠢ᠃ ᠰᠡᠳᠭᠢᠯ ᠤᠨ ᠭᠦᠮᠤᠨ ᠶᠢᠡᠨ ᠣᠯᠵᠤ ᠬᠠᠷᠠᠨ᠎ᠠ ᠭᠡᠵᠤ ᠶᠠᠭᠠᠷᠠᠬᠤ ᠪᠣᠯᠬᠤ ᠪᠠᠷ ᠡᠷᠭᠡ ᠦᠭᠡᠶ ᠡᠵᠢ ᠪᠣᠯᠤᠨ ᠡᠭᠡᠴᠢ ᠲᠡᠶ ᠪᠠᠨ ᠵᠦᠪᠳᠠᠪᠠ᠃

ᠭᠦᠰᠡᠯ ᠨᠢ᠋ᠮᠠᠨ ᠰᠠᠷ᠎ᠠ ᠶᠢᠨ ᠰᠡᠭᠦᠯᠴᠢ ᠪᠠᠷ ᠰᠢᠨ᠎ᠠ ᠽᠢᠨᠯᠠᠠᠳ᠋ ᠣᠷᠤᠬᠤ ᠪᠠᠷ ᠳᠤᠭᠳᠠᠵᠤ᠂ ᠥᠯᠡᠳᠡᠭ᠍ᠰᠡᠨ ᠴᠠᠭ ᠶᠢᠡᠷ ᠶᠢᠡᠨ ᠭᠠᠳᠠᠭᠠᠳᠤ ᠭᠡᠯᠡ ᠰᠤᠷᠬᠤ᠂ ᠬᠠᠭᠤᠷᠤᠯᠭ᠎ᠠ ᠶᠢᠨ ᠮᠡᠷᠭᠡᠵᠢᠯ ᠶᠢᠡᠨ ᠳᠡᠭᠡᠭ᠍ᠰᠢᠯᠡᠭᠦᠯᠭᠦ ᠪᠠᠷ ᠲᠦᠯᠦᠪᠯᠠᠪᠠ᠃ ᠳᠠᠷᠠ ᠢᠩᠭᠢᠵᠤ ᠰᠡᠳᠭᠢᠯ ᠤᠨ ᠬᠠᠢ᠌ᠷᠠᠳᠤ ᠦᠬᠢᠨ ᠳᠠᠭᠠᠨ ᠨᠤᠳᠤᠭ ᠤᠨ ᠭᠢᠨᠢ ᠬᠠᠮᠤᠭ ᠠᠮᠳᠠᠳᠠᠢ ᠨᠤᠭᠤᠭ᠎ᠠ ᠵᠤᠭᠤᠰᠢ ᠭᠢᠵᠤ ᠦᠭ‍ᠭᠦ ᠪᠠᠷ ᠴᠢᠷᠮᠠᠢ᠌ᠨ᠎ᠠ᠃

8 ᠰᠠᠷ᠎ᠠ ᠶᠢᠨ 23 ᠳ᠋ᠤ ᠭᠦᠰᠡᠯ ᠰᠢᠨ᠎ᠠ ᠽᠢᠨᠯᠠᠠᠳ᠋ ᠭᠦᠷᠴᠤ᠂ 24 ᠳ᠋ᠤ ᠭᠡᠷ ᠵᠥᠭ᠌ ᠶᠢᠡᠨ ᠣᠳᠠᠰᠤᠳᠠᠵᠤ 《ᠠᠭᠤᠯᠠ ᠠᠯᠤᠰᠯᠠᠨ ᠣᠰᠤ ᠳᠠᠪᠠᠭᠰᠠᠨ ᠢᠷᠦᠭᠡᠯ ᠬᠤᠪᠢ ᠡᠴᠦᠰ ᠤᠨ ᠦᠷ᠎ᠡ ᠪᠠᠨ ᠪᠣᠯᠪᠠᠰᠤᠷᠠᠭᠤᠯᠵᠤ᠂ ᠬᠠᠢ᠌ᠷᠠᠳᠠᠢ ᠬᠤᠶᠠᠷ ᠬᠠᠮᠳᠤᠷᠠᠨ ᠠᠮᠢᠳᠤᠷᠠᠬᠤ ᠪᠣᠯᠳᠤᠭᠠᠢ》 ᠭᠡᠮᠡᠨ ᠵᠠᠯᠪᠢᠷᠠᠵᠤ ᠰᠠᠭᠤᠭᠰᠠᠨ ᠡᠵᠢ ᠳᠡᠭᠡᠨ ᠠᠮᠤᠷ ᠮᠠᠠᠳᠤ ᠭᠦᠷᠦᠭ᠍ᠰᠡᠨ ᠶᠢᠡᠨ ᠮᠡᠳᠡᠭ᠍ᠳᠡᠭ᠍ᠰᠡᠨ ᠪᠦᠭᠡᠳ ᠣᠷᠢᠬᠠᠨ ᠤ ᠠᠪᠣ ᠡᠵᠢ ᠳᠤ ᠦᠭ‍ᠭᠦᠭ᠍ᠰᠡᠨ ᠠᠩᠬᠠᠨ ᠤ ᠰᠠᠭᠤᠭᠳᠠᠯ ᠳᠤᠤᠷ᠎ᠠ ᠪᠢᠰᠢ ᠪᠠᠨ ᠮᠡᠳᠡᠭᠦᠯᠪᠡ᠃ ᠳᠠᠷᠠ ᠪᠠᠰᠠ ᠡᠭᠡᠴᠢ ᠳᠡᠭᠡᠨ ᠦᠪᠡᠷ ᠶᠢᠡᠨ ᠡ᠊ᠨᠳᠡ ᠨᠢᠭᠡ ᠠᠵᠢᠯ ᠣᠯᠵᠤ ᠭᠦᠯ ᠳᠤᠭᠳᠠᠮᠠᠭᠴᠠ ᠳᠠᠨ ᠤ ᠬᠤᠶᠠᠷ ᠢ ᠠᠪᠴᠢᠷᠠᠨ᠎ᠠ ᠭᠡᠵᠤ ᠭᠦᠰᠡᠯ ᠶᠢᠡᠨ ᠢᠯᠡᠳᠭᠡᠪᠡ᠃

ᠭᠡᠰᠡᠭ᠌ ᠦᠶ᠎ᠡ ᠪᠣᠳᠤᠬᠤ ᠳᠤ ᠶᠠᠭ ᠵᠡᠭᠦᠳᠤ ᠵᠡᠷᠭᠡᠯᠭᠡᠨ ᠰᠢᠭ᠌ ᠪᠣᠯᠪᠠᠴᠤ ᠨᠢᠳᠤᠨ ᠡᠮᠦᠨᠡᠭᠢ ᠪᠣᠳᠠᠳᠤ ᠪᠠᠢ᠌ᠳᠠᠯ᠂ ᠶᠠᠭ ᠦᠨᠡᠨ ᠳᠡᠭᠡᠨ ᠳᠡᠭᠦᠨ ᠤ ᠠᠮᠢᠳᠤᠷᠠᠯ ᠳᠤ ᠣᠷᠢᠬᠠᠨ ᠤ ᠢᠯᠡᠷᠡᠭ᠍ᠰᠡᠨ ᠨᠢ ᠣᠤᠯ ᠤᠨ ᠳᠡᠷᠡᠭᠦ ᠮᠢᠡᠴᠦᠭᠦᠷᠡᠭ᠍ᠰᠡᠨ ᠠᠮᠢᠳᠤᠷᠠᠯ ᠤᠨ ᠭᠡᠪᠰᠢᠯ ᠢ ᠨᠢ ᠥᠭᠡᠷᠡᠴᠢᠯᠡᠵᠤ᠂ ᠦᠵᠡᠯ ᠪᠣᠳᠤᠯ ᠢ ᠨᠢ ᠠᠮᠢᠳᠤᠯᠢᠭᠵᠢᠭᠤᠯᠤᠨ ᠭᠡᠭᠡᠨ ᠰᠠᠷᠠᠭᠤᠯ ᠢᠷᠡᠭᠡᠳᠦᠢ ᠶᠢ ᠣᠯᠵᠤ ᠬᠠᠷᠠᠭᠤᠯᠵᠠᠢ᠃ ᠳᠠᠷᠠ ᠡᠨᠡᠭᠦ ᠨᠡᠯᠦᠭᠡᠷ ᠶᠡᠭᠡ ᠳᠠᠯᠠᠢ ᠳᠡᠭᠡᠷᠡᠭᠡᠢ ᠠᠷᠠᠯ ᠤᠨ ᠬᠤᠳᠠ ᠶᠢ ᠨᠢᠳᠤᠨ ᠳᠡᠭᠡᠨ ᠰᠢᠩᠭᠡᠭᠡᠵᠤ ᠠᠪᠬᠤ ᠭᠡᠰᠡᠨ ᠰᠢᠭ᠌ ᠣᠷᠴᠢᠨ ᠳᠤᠭᠤᠷᠢᠨ ᠶᠢᠡᠨ ᠨᠢᠭᠡ ᠰᠠᠢ᠌ᠨ ᠠᠵᠢᠭᠯᠠᠵᠤ ᠭᠠᠷᠤᠯ᠎ᠠ᠃ 《ᠳᠡᠭᠡᠳᠦᠰ ᠤᠨ ᠮᠢᠨᠢ ᠥᠯᠡᠳᠡᠭᠡᠭ᠍ᠰᠡᠨ ᠪᠣᠶᠠᠨ ᠪᠠᠢ᠌ᠬ᠎ᠠ ᠡ᠂ ᠭᠦᠰᠡᠯ ᠭᠦᠤ ᠳᠤ ᠪᠠᠰᠠ ᠡᠢ᠌ᠮᠤ ᠨᠢᠭᠡ ᠵᠠᠶᠠᠭ᠎ᠠ ᠪᠠᠢ᠌ᠵᠠᠢ》 ᠭᠡᠵᠤ ᠮᠠᠯᠮᠠᠯᠵᠠᠨ ᠣᠷᠤᠰᠬᠤ ᠣᠰᠤ ᠶᠢ ᠬᠠᠷᠠᠵᠤ ᠠᠯᠬᠤᠯᠠᠬᠤ ᠳᠠᠭᠠᠨ ᠣᠷᠢᠬᠠᠨ ᠢ ᠰᠠᠨᠠᠯ᠎ᠠ᠃ ᠦᠪᠡᠷ ᠤᠨ ᠬᠠᠢ᠌ᠷᠠᠳᠠᠢ ᠦᠬᠢᠨ ᠶᠢᠡᠨ ᠭᠦᠰᠡᠷᠳᠡᠭᠦᠯᠭᠦ ᠦᠭᠡᠶ ᠶᠢᠨ ᠳᠦᠯᠦᠭᠡ ᠡᠷ᠎ᠡ ᠭᠦᠮᠤᠨ ᠴᠢᠷᠮᠠᠢ᠌ᠬᠤ ᠴᠢᠬᠤᠯᠠᠳᠠᠢ᠂ ᠪᠢ ᠨᠤᠳᠤᠭ ᠤᠨ ᠶᠢᠡᠨ ᠨᠤᠭᠤᠭ᠎ᠠ ᠬᠠᠭᠤᠷᠤᠯᠭ᠎ᠠ ᠶᠢ ᠡ᠊ᠨᠳᠡ ᠳᠡᠯᠭᠡᠷᠡᠭᠦᠯᠦᠨ᠎ᠡ᠂ ᠦᠪᠡᠷ ᠤᠨ ᠣᠠᠴᠠᠯᠢᠭ ᠶᠢᠡᠨ ᠪᠠᠳᠠᠷᠠᠭᠤᠯᠵᠤ ᠨᠢᠭᠡ ᠣᠢ᠌ᠯᠠᠰ ᠪᠣᠰᠬᠠᠨ᠎ᠠ ᠭᠡᠮᠡᠨ ᠰᠢ᠌ᠤᠠᠴᠤ ᠠᠯᠬᠤᠴᠠ ᠪᠠᠨ ᠬᠤᠷᠳᠤᠤᠠᠬᠠᠪᠠ᠃

᠁ ᠁

ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 5138
ᠴᠠᠭ᠄ 2009 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁