ᠡᠭᠡ ᠶᠢᠨ ᠬᠠᠢ᠌ᠷ᠎ᠠ
ᠸᠠᠩ ᠭᠦᠸᠧ ᠵᠧᠨ ᠤ ᠰᠢᠯᠦᠭ᠌ ᠤᠨ ᠣᠷᠴᠢᠭᠤᠯᠭ᠎ᠠ


ᠡᠵᠢ ᠪᠠᠨ ᠪᠢᠳᠠ ᠬᠠᠢ᠌ᠷᠡᠯᠡᠨ᠎ᠡ  ᠭᠡᠪᠠᠴᠤ            

ᠡᠩ ᠵᠡᠷᠭᠡᠴᠡᠭᠦᠯᠵᠤ ᠶᠠᠷᠤᠨᠢ ᠳᠡᠢ᠌ᠯᠭᠦ ᠦᠭᠡᠶ ᠨᠢ

ᠭᠡᠦᠭᠡᠰ ᠪᠢᠳᠠᠨ ᠤ ᠬᠠᠢ᠌ᠷ᠎ᠠ ᠨᠠᠷᠢᠬᠠᠨ ᠭᠤᠷᠤᠬ᠎ᠠ

ᠭᠦᠭᠦᠯᠳᠤ ᠡᠵᠢ ᠶᠢᠨ ᠬᠠᠢ᠌ᠷ᠎ᠠ ᠭᠦᠷᠭᠢᠷᠡᠭᠦ ᠳᠠᠯᠠᠢ  

ᠳᠠᠷᠠᠰᠤᠨ ᠤ ᠨᠠᠮᠠᠭᠠᠨ ᠳᠤ ᠭᠢᠯᠳᠦᠭᠡᠨᠡᠭᠦ ᠰᠢᠭᠦᠳᠡᠷᠢ ᠶᠢᠨ ᠳᠤᠰᠤᠯ

ᠳᠦᠭᠦᠷᠡᠩ ᠮᠦᠷᠳᠡᠭᠡᠨ ᠭᠡᠷᠡᠯ ᠲᠡᠶ

ᠳᠠᠷᠠ ᠪᠣᠯ ᠨᠠᠷᠠᠨ ᠤ ᠭᠦᠷᠳᠡᠭᠡᠭ᠍ᠰᠡᠨ ᠭᠢᠯᠪᠠᠭ᠎ᠠ

ᠳᠦᠷᠪᠠᠨ ᠰᠠᠷ᠎ᠠ ᠶᠢᠨ ᠡᠳᠦᠷ ᠤᠳ

ᠥᠩᠭᠡᠯᠢᠭ᠌ ᠮᠦᠷᠳᠡᠭᠡᠨ ᠰᠠᠴᠤᠷᠠᠩᠭ᠋ᠤᠢ

ᠳᠦᠷᠡᠯᠵᠡᠭ᠍ᠰᠡᠨ ᠬᠠᠪᠣᠷ ᠤᠨ ᠰᠠᠯᠭᠢᠨ ᠤ ᠢᠯᠪᠢᠵᠤ ᠥᠩᠭᠡᠷᠡᠭ᠍ᠰᠡᠨ ᠭᠠᠵᠠᠷ  

ᠪᠠᠶᠠᠷ ᠪᠠᠶᠠᠰᠬᠤᠯᠠᠩ ᠮᠠᠨᠢ

ᠪᠦᠤᠪᠠᠢ᠌ᠯᠠᠵᠤ ᠥᠰᠭᠡᠭ᠍ᠰᠡᠨ ᠡᠵᠢ ᠶᠢᠨ ᠢᠨᠢᠶᠡᠮᠰᠦᠭᠯᠡᠯ ᠡᠴᠠ ᠡᠭᠢᠳᠡᠢ

ᠬᠠᠷᠭᠤᠰᠤᠯ ᠵᠤᠪᠠᠯ ᠮᠠᠨᠢ

ᠬᠠᠷᠠᠭᠤᠯᠳᠤᠨ ᠭᠦᠯᠢᠶᠡᠭᠦ ᠡᠵᠢ ᠶᠢᠨ ᠭᠤᠨᠢᠭ ᠡᠴᠠ ᠣᠭᠰᠠᠭᠠᠳᠠᠢ

ᠦᠨᠢ ᠬᠤᠯᠠ ᠦᠨᠢ ᠬᠤᠯᠠ ᠶᠠᠪᠣᠯ᠎ᠠ ᠴᠤ ᠭᠡᠰᠡᠨ

ᠦᠯᠵᠡᠢ ᠬᠡ ᠲᠡᠶ ᠡᠵᠢ ᠶᠢᠨ ᠭᠢᠵᠠᠭᠠᠷ ᠡᠴᠠ ᠳᠠᠪᠠᠵᠤ ᠯᠠᠪ ᠴᠢᠳᠠᠬᠤ ᠦᠭᠡᠶ


ᠵᠤᠬᠢᠶᠠᠭᠴᠢ ᠶᠢᠨ ᠬᠠ‍‌ᠶᠢᠭ ᠄ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠬᠠᠷᠢᠶ᠎ᠠ᠄ ᠰᠢᠯᠦᠭ
ᠳᠠᠷᠤᠮ᠄ 1802
ᠴᠠᠭ᠄ 2011 ᠤᠨ ᠤ 03 ᠰᠠᠷ᠎ᠠ ᠶᠢᠨ 02