ᠰᠦ᠋ ᠶᠢᠨ ᠦᠨᠦᠷ ᠠᠩᠭᠢᠯᠤᠭᠰᠠᠨ ᠣᠯᠠᠭᠠᠠᠬᠤᠳᠠ ᠬᠤᠶᠠᠳᠤᠭᠠᠷ ᠰᠤᠷᠭᠠᠭᠤᠯᠢ ᠮᠢᠨᠢ

ᠠᠯᠳᠠᠨ ᠭᠢᠩᠭ᠋ᠠᠨ ᠤ ᠪᠠᠨ ᠳᠤᠷᠭᠠᠨ ᠦᠯᠦᠭᠡᠢ ᠳ᠋ᠤ

ᠳᠦᠭ᠌ ᠲᠦᠮᠡᠨ ᠮᠤᠩᠭ᠋ᠤᠯ ᠦᠷᠠᠰ ᠤᠨ ᠶᠢᠡᠨ ᠠᠯᠤᠰ ᠤᠨ ᠵᠠᠮ ᠢ ᠨᠢ ᠭᠡᠷᠡᠯᠳᠦᠭᠦᠯᠤᠨ ᠦᠭ‍ᠭᠦᠭ᠍ᠰᠡᠨ

ᠳᠠᠯ᠎ᠠ ᠶᠢᠨ ᠮᠤᠩᠭ᠋ᠤᠯᠴᠤᠳ ᠤᠨ ᠶᠢᠡᠨ ᠮᠠᠭᠳᠠᠭᠠᠯ ᠢ ᠣᠯᠵᠤ

ᠳᠠᠢ᠌ᠪᠣᠩ ᠠᠮᠤᠭᠤᠯᠠᠩ ᠨᠤᠳᠤᠭ ᠲᠠᠭᠠᠨ ᠰᠦ᠋ ᠶᠢᠨ ᠦᠨᠦᠷ ᠬᠠᠩᠬᠤᠯᠤᠭᠰᠠᠭᠠᠷ ᠪᠠᠢ᠌ᠨ᠎ᠠ


ᠠᠭᠤᠤ ᠳᠦᠷᠤ ᠶᠢᠨ ᠶᠢᠡᠨ ᠰᠦᠯᠳᠡ ᠳᠤ ᠲᠦᠰᠢᠵᠤ

ᠣᠯᠠᠨ ᠮᠤᠩᠭ᠋ᠤᠯᠴᠤᠳ ᠤᠨ ᠶᠢᠡᠨ ᠳᠠᠭᠠᠰᠢᠶᠠᠯ ᠢ ᠣᠯᠵᠤ

ᠠᠯᠤᠰ ᠲᠤ ᠳᠡᠭᠦᠯᠢᠭᠦ ᠠᠴᠢᠷ ᠮᠤᠩᠭ᠋ᠤᠯ ᠦᠷᠠᠰ ᠤᠨ ᠵᠢᠠᠨ

ᠠᠶᠠᠨ ᠵᠠᠮ ᠤᠨ ᠭᠠᠠᠵᠤᠭ᠎ᠠ ᠶᠢ ᠮᠢᠯᠢᠶᠠᠭᠰᠠᠨ ᠰᠤᠷᠭᠠᠭᠤᠯᠢ ᠮᠢᠨᠢ


ᠭᠦᠭᠡ ᠮᠥᠩᠭᠡ ᠳᠡᠭ᠍ᠷᠢ ᠶᠢᠨ ᠳᠤᠤᠷ᠎ᠠ

ᠭᠦᠴᠦᠷᠭᠡᠭ᠌ ᠪᠦᠷᠭᠦᠤᠨ ᠰᠢᠭ ᠳᠡᠭᠦᠯᠢᠵᠤ

ᠭᠦᠭ᠍ᠵᠢᠯᠳᠤ ᠮᠤᠩᠭ᠋ᠤᠯ ᠤᠨ ᠶᠢᠡᠨ ᠭᠦᠰᠡᠯ ᠭᠤᠯᠤᠮᠳᠠ ᠶᠢ ᠵᠠᠯᠬᠠᠭᠤᠯᠵᠤ

ᠭᠦᠭᠡᠮᠰᠦᠭ᠌ ᠣᠷᠭᠢᠯ ᠰᠢᠭ ᠮᠠᠯᠴᠢᠳ ᠤᠨ ᠶᠢᠡᠨ ᠰᠡᠳᠭᠢᠯ ᠳᠤ ᠰᠥᠡᠳᠡᠷᠯᠡᠭ᠍ᠰᠡᠭᠡᠷ ᠪᠠᠢ᠌ᠨ᠎ᠠ


ᠪᠣᠰᠤᠭ᠎ᠠ ᠮᠤᠩᠭ᠋ᠤᠯ ᠰᠤᠶᠤᠯ ᠶᠢᠡᠨ ᠮᠥᠩᠭᠡ ᠰᠢᠳᠦᠭ᠍ᠰᠡᠨ

ᠪᠣᠷᠬᠠᠨ ᠰᠡᠳᠭᠢᠯᠳᠤ ᠪᠠᠭᠰᠢ ᠨᠡᠷ ᠤᠨ ᠶᠢᠡᠨ ᠵᠢᠳᠭᠦᠯ ᠵᠢᠠᠷ

ᠪᠣᠯᠪᠠᠷᠠᠢ ᠣᠶᠤᠨ ᠢ ᠣᠮᠳᠠᠯᠠᠨ ᠣᠮᠳᠠᠯᠠᠵᠤ

ᠪᠣᠯᠪᠠᠰᠤᠨ ᠰᠤᠷᠤᠭᠴᠢᠳ ᠢ ᠭᠦᠮᠦᠵᠢᠭᠦᠯᠦᠭ᠍ᠰᠡᠭᠡᠷ ᠪᠠᠢ᠌ᠨ᠎ᠠ


ᠠᠯᠳᠠᠨ ᠭᠢᠩᠭ᠋ᠠᠨ ᠤ ᠪᠠᠨ ᠬᠠᠯᠠᠭᠤᠨ ᠡᠯᠢᠭᠡᠨ ᠳ᠋ᠤ

ᠠᠭᠳᠠ ᠶᠢᠨ ᠳᠤᠭᠤᠷᠠᠢ ᠳᠤᠰᠤᠭᠰᠠᠨ ᠭᠠᠵᠠᠷ ᠲᠤ

ᠠᠷᠠᠤᠨ ᠤᠨ ᠪᠠᠭᠰᠢ ᠶᠢᠨ ᠶᠢᠡᠨ ᠪᠣᠶᠠᠨ ᠳᠤ ᠰᠢᠳᠤᠵᠤ

ᠠᠷᠢᠭᠤᠨ ᠮᠤᠩᠭ᠋ᠤᠯ ᠰᠤᠶᠤᠯ ᠶᠢᠡᠨ ᠣᠯᠠᠮᠵᠢᠯᠠᠭᠰᠠᠭᠠᠷ ᠪᠠᠢ᠌ᠨ᠎ᠠ


ᠣᠷᠢᠬᠠᠨ ᠵᠦᠭᠡᠯᠡᠨ ᠰᠠᠯᠭᠢᠨ ᠤ ᠠᠶ᠎ᠠ ᠪᠠᠷ

ᠣᠯᠤᠰ ᠤᠨ ᠳᠤᠭ ᠨᠢ ᠨᠠᠮᠢᠷᠠᠨ ᠨᠠᠮᠢᠷᠠᠭᠠᠤᠨ

ᠠᠭᠤᠳᠠᠮ ᠳᠡᠨᠢᠭᠡᠷ ᠴᠠᠪᠠᠷ ᠳᠤᠭᠢᠯᠢᠭ ᠭᠦᠷᠢᠶᠡᠨ ᠳ᠋ᠤᠨᠢ

ᠠᠯᠢᠶ᠎ᠠ ᠭᠦᠭᠡᠷᠦᠭᠦᠨ ᠰᠤᠷᠤᠭᠴᠢᠳ ᠨᠢ ᠪᠠᠶᠠᠰᠤᠨ ᠪᠠᠶᠠᠰᠤᠯᠴᠠᠭᠰᠠᠨ


ᠡᠷᠳᠡᠨ ᠤ ᠢᠳᠡᠯᠢᠭ᠌ ᠰᠠᠢ᠌ᠬᠠᠨ ᠳᠤᠮᠤᠭ ᠶᠢᠡᠷ ᠵᠢᠠᠨ

ᠡᠩᠭᠦᠷᠡᠢ ᠬᠠᠢ᠌ᠷᠠᠳᠤ ᠰᠤᠷᠤᠭᠴᠢᠳ ᠶᠢᠡᠨ ᠭᠦᠮᠦᠵᠢᠭᠦᠯᠦᠭ᠍ᠰᠡᠨ

ᠠᠤᠭ᠎ᠠ ᠠᠯᠳᠠᠷᠳᠤ ᠮᠤᠩᠭ᠋ᠤᠯ ᠭᠡᠯᠡ ᠪᠠᠷ ᠵᠢᠠᠨ

ᠠᠷᠭᠠᠯ ᠤᠨ ᠭᠠᠯ ᠡᠴᠠ ᠭᠦᠢ ᠵᠠᠯᠭᠠᠭᠰᠠᠨ

ᠣᠯᠠᠭᠠᠬᠤᠳᠠ ᠬᠤᠶᠠᠳᠤᠭᠠᠷ ᠰᠤᠷᠭᠠᠭᠤᠯᠢ ᠡᠴᠠ ᠮᠢᠨᠢ

ᠰᠦ᠋ ᠶᠢᠨ ᠦᠨᠦᠷ ᠬᠠᠩᠬᠤᠯᠤᠭᠰᠠᠭᠠᠷ ᠪᠠᠢ᠌ᠨ᠎ᠠ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠣᠯᠠᠭᠠᠠᠬᠤᠳᠠ ᠬᠤᠶᠠᠳᠤᠭᠠᠷ ᠰᠤᠷᠭᠠᠭᠤᠯᠢ ᠶᠢᠨ ᠮᠤᠩᠭ᠋ᠤᠯ ᠭᠡᠯᠡᠨ ᠤ ᠳᠠᠰᠤᠭ

ᠵᠤᠬᠢᠶᠠᠭᠴᠢ᠄ ᠳ᠋·ᠴᠠᠰᠤᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1619
ᠴᠠᠭ᠄ 2012 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ