ᠰᠢᠯᠦᠭ᠌ ᠤᠨ ᠶᠢᠡᠨ ᠳᠡᠭᠡᠵᠢᠯᠡᠯ ᠳ᠋ᠤ

ᠰᠢᠯᠦᠭ᠌ ᠴᠢ

     ᠬᠠᠯᠢᠯ ᠬᠠᠳᠠᠨ ᠤ ᠣᠷᠤᠢ ᠳᠡᠭᠡᠷ᠎ᠡ

     ᠬᠠᠯᠢᠨ ᠳᠡᠭᠦᠯᠢᠨ ᠡᠷᠡᠮᠡᠭᠡᠢ᠌ᠯᠡᠭᠦ ᠪᠦᠷᠭᠦᠤᠨ

     ᠬᠠᠷᠠᠵᠠ ᠪᠣᠯᠠᠭ ᠤᠨ ᠣᠰᠤᠨ ᠳᠡᠭᠡᠷ᠎ᠡ

     ᠬᠠᠢ᠌ᠪᠠᠩ ᠳᠠᠢ᠌ᠪᠠᠩ ᠣᠮᠪᠠᠬᠤ ᠨᠤᠭᠤᠰᠤ

ᠰᠢᠯᠦᠭ᠌ ᠪᠢ

     ᠣᠩᠭ᠋ᠤᠨ ᠪᠣᠯᠪᠠᠷᠠᠢ ᠠᠭᠠᠯᠢ ᠪᠠᠷ ᠵᠢᠠᠨ

     ᠣᠯᠠᠨ ᠡᠴᠠ ᠵᠠᠢ᠌ᠯᠠᠨ ᠳᠡᠷᠪᠠᠯᠵᠡᠭᠦ ᠡᠷᠪᠠᠭᠡᠢ

     ᠣᠰᠤᠨ ᠰᠢᠮᠡᠯᠢᠭ᠌ ᠪᠣᠷᠤᠭᠠᠨ ᠬᠤᠷ᠎ᠠ ᠳ᠋ᠤ

     ᠣᠭᠢᠶᠠᠭᠳᠠᠨ ᠴᠠᠪᠠᠷᠰᠢᠨ ᠳᠡᠯᠪᠢᠯᠡᠭᠦ ᠴᠡᠴᠡᠭ᠌

ᠰᠢᠯᠦᠭ᠌ ᠳᠠ

     ᠭᠠᠯᠠᠪ ᠶ‍ᠢᠷᠳᠢᠠᠴᠤ ᠶᠢᠨ ᠰᠤᠴᠢᠯ ᠡᠮᠢᠶᠡᠯ ᠳ᠋ᠤ

     ᠭᠠᠢ᠌ᠬᠠᠮᠰᠢᠭ ᠢ ᠠᠪᠴᠢᠷᠠᠬᠤ ᠠᠶᠤᠩᠭ᠎ᠠ ᠶᠢᠨ ᠳᠠᠭᠤᠨ

     ᠭᠠᠴᠢᠭᠳᠠᠵᠤ ᠪᠠᠳᠡᠷᠡᠭᠦ ᠭᠦᠮᠤᠨ ᠮᠦᠰᠤ ᠳ᠋ᠤ

     ᠭᠠᠩ ᠵᠤᠷᠢᠭ ᠢ ᠭᠦᠪᠴᠢᠯᠡᠭᠦ ᠤᠶᠠᠩ‍ᠭ᠎ᠠ ᠶᠢᠨ ᠡᠭᠡᠰᠢᠭ᠌

        *       *         *

     ᠰᠢᠯᠦᠭ᠌ ᠢ ᠮᠢᠨᠢ ᠭᠢᠨᠡᠭᠠᠴᠢ᠂ ᠰᠢᠭᠦᠭᠡᠴᠢ

     ᠰᠢᠯᠢᠳᠡᠭ᠌ ᠳᠠᠪᠰᠢᠩᠭ᠋ᠤᠢ ᠦᠵᠠᠯᠳᠠ ᠳᠤᠷᠠᠳᠠᠭᠠᠴᠢ

     ᠰᠢᠨ᠎ᠡ ᠰᠡᠪᠠᠭᠦᠨ ᠦᠨᠦᠷ ᠠᠮᠳᠠ ᠨᠡᠮᠡᠭᠡᠴᠢ

     ᠰᠤᠩᠭ᠋ᠤᠳᠠᠭ ᠣᠷᠤᠨ ᠵᠠᠢ ᠳᠤ ᠨᠢ ᠳᠤᠭᠳᠠᠭᠠᠭᠠᠴᠢ

      

     ᠰᠢᠯᠦᠭ᠍ᠴᠢᠨ ᠠᠬᠠᠯᠠᠭᠴᠢ ᠪᠠᠭᠰᠢ ᠨᠡᠷ ᠲᠤ ᠪᠠᠨ

     ᠮᠦᠩᠭᠦᠨ ᠠᠶᠠᠭᠠᠨ ᠳᠤ ᠰᠠᠷᠬᠤᠤᠨ ᠶᠢᠡᠨ ᠭᠡᠮᠨᠡᠨ ᠡᠷᠭᠦᠶ᠎ᠡ

     ᠰᠢᠯᠦᠭ᠌ ᠤᠨ ᠣᠪᠠᠳᠢᠰᠳᠤ ᠨᠠᠢ᠌ᠵᠠ ᠨᠡᠷ ᠲᠤ ᠪᠠᠨ

     ᠮᠠᠠᠳᠤ ᠶᠢᠨ ᠴᠡᠩᠭᠡᠷ ᠬᠠᠳᠠᠭ ᠳᠡᠯᠭᠡᠨ ᠵᠤᠯᠭᠠᠶ᠎ᠠ ︕


    ᠰᠢᠯᠦᠭ᠌ ᠪᠢᠴᠢᠶ᠎ᠠ


ᠦᠣᠷ ᠤᠨ ᠭᠡᠭᠡ ᠳᠤᠶᠠᠭᠠᠷᠠᠮᠠᠭᠴᠠ

ᠦᠷᠭᠡᠯᠡᠭᠦ ᠨᠣᠢ᠌ᠷ ᠶᠢᠡᠨ ᠰᠡᠷᠢᠭᠡᠵᠤ ᠰᠢᠯᠦᠭ᠌ ᠪᠢᠴᠢᠶ᠎ᠠ

ᠦᠳᠡᠰᠢ ᠶᠢᠨ ᠭᠦᠰᠢᠭᠡ ᠳᠠᠳᠠᠮᠠᠭᠴᠠ

ᠣᠠᠳᠠᠬᠤ ᠨᠣᠢ᠌ᠷ ᠶᠢᠡᠨ ᠣᠮᠠᠷᠳᠠᠵᠤ ᠰᠢᠯᠦᠭ᠌ ᠪᠢᠴᠢᠶ᠎ᠠ


ᠦᠪ ᠰᠤᠶᠤᠯ ᠶᠢᠡᠨ ᠥᠮᠴᠢᠷᠭᠡᠭᠦ ᠶᠢᠨ ᠣᠴᠢᠷ

ᠡᠳᠦᠷ ᠰᠦᠨᠢ ᠦᠭᠡᠶ ᠰᠢᠯᠦᠭ᠌ ᠪᠢᠴᠢᠶ᠎ᠠ

ᠦᠨᠳᠦᠰᠦᠳᠠᠨ ᠶᠠᠰᠤᠳᠠᠨ ᠶᠢᠡᠨ ᠮᠠᠠᠳᠤᠭᠤᠯᠬᠤ ᠶᠢᠨ ᠣᠴᠢᠷ

ᠦᠳᠡᠯᠤᠨ ᠦᠳᠡᠯᠳᠠᠯ᠎ᠠ ᠰᠢᠯᠦᠭ᠌ ᠪᠢᠴᠢᠶ᠎ᠠ


ᠦᠷᠳᠡᠭ᠍ᠵᠢᠯ ᠤᠨ ᠮᠠᠷᠭᠠᠰᠢ ᠳᠤ ᠣᠬᠠᠭᠠᠨ ᠵᠠᠷᠤᠵᠤ

ᠦᠨᠡᠨ ᠤ ᠣᠬᠠᠭᠠᠷᠠᠯ ᠳᠤ ᠰᠡᠳᠭᠢᠯ ᠰᠡᠷᠭᠦᠭᠡᠵᠤ ᠰᠢᠯᠦᠭ᠌ ᠪᠢᠴᠢᠶ᠎ᠠ

ᠥᠭᠡᠢ᠌ᠯᠡᠭᠦ ᠨᠤᠳᠤᠭ ᠲᠤ ᠪᠠᠨ ᠦᠷᠤᠰᠢᠶᠠᠯ ᠬᠠᠢ᠌ᠷᠠᠯᠠᠵᠤ

ᠥᠭᠡᠳᠡᠯᠡᠭᠦ ᠠᠮᠢᠳᠤᠷᠠᠯ ᠳᠤ ᠪᠣᠳᠤᠯ ᠬᠠᠢ᠌ᠵᠤ ᠰᠢᠯᠦᠭ᠌ ᠪᠢᠴᠢᠶ᠎ᠠ


ᠡᠵᠡᠡᠳᠤ ᠬᠤᠷᠸ᠎ᠠ ᠶᠢᠨ ᠭᠠᠰᠢᠭᠤᠨ ᠱᠤᠷᠪᠣᠭ ᠢ ᠠᠮᠳᠠᠯᠠᠵᠤ

ᠣᠷᠴᠢᠨ ᠣᠷᠤᠰᠢᠬᠤᠢ ᠶᠢᠨ ᠳᠤᠬᠠᠢ ᠰᠢᠯᠦᠭ᠌ ᠪᠢᠴᠢᠶ᠎ᠠ

ᠡᠭᠡ ᠪᠦᠮᠪᠦᠷᠴᠡᠭ᠌ ᠲᠤ ᠠᠷᠭᠠᠮᠵᠢᠶ᠎ᠠ ᠲᠡᠶ ᠪᠠᠨ ᠮᠠᠳᠠᠷᠠᠵᠤ

ᠡᠷᠭᠡ ᠮᠠᠳᠠᠯ ᠤᠨ ᠳᠤᠬᠠᠢ ᠰᠢᠯᠦᠭ᠌ ᠪᠢᠴᠢᠶ᠎ᠡ


    ᠰᠢᠯᠦᠭ᠌ ᠮᠢᠨᠢ

                                            

ᠰᠦᠨ ᠬᠠᠢ᠌ᠷ᠎ᠠ ᠪᠠᠷ ᠢᠪᠢᠯᠵᠤ

ᠰᠥᠰᠦᠭ᠌ ᠪᠢᠰᠢᠷᠠᠯ ᠶᠢᠡᠷ ᠣᠠᠳᠤᠷᠠᠭᠰᠠᠨ

ᠰᠤᠷᠢᠭᠠᠨ ᠮᠤᠷᠢ ᠪᠠᠨ ᠭᠦᠯᠦᠭᠯᠡᠵᠤ

ᠰᠤᠷᠳᠤᠭᠤ ᠳᠡᠪᠭᠢᠬᠤ᠂ ᠰᠢᠯᠦᠭ᠌ ᠮᠢᠨᠢ


ᠠᠮᠢᠵᠢᠷᠠᠯ ᠤᠨ ᠰᠢᠳᠠᠳᠤ ᠭᠦᠴᠤᠨ ᠵᠢᠠᠷ

ᠠᠪᠣᠷᠠᠯ ᠤᠨ ᠳᠤᠭ ᠶᠢᠡᠨ ᠮᠠᠠᠳᠤᠭᠤᠯᠤᠭᠰᠠᠨ

ᠠᠷᠢᠭᠤᠨ ᠮᠤᠩᠭ᠋ᠤᠯ ᠤᠨ ᠰᠡᠳᠭᠢᠯ ᠳ᠋ᠤ

ᠠᠰᠠᠬᠤ ᠭᠠᠯ᠂ ᠰᠢᠯᠦᠭ᠌ ᠮᠢᠨᠢ


ᠬᠤᠷᠯᠤ ᠭᠦᠷᠳᠤ ᠶᠢᠨ ᠢᠪᠠᠭᠡᠯ ᠳ᠋ᠤ

ᠬᠤᠪᠢ ᠵᠠᠶᠠᠭ᠎ᠠ ᠪᠠᠨ ᠬᠠᠮᠳᠤᠳᠬᠠᠭᠰᠠᠨ

ᠬᠤᠯᠠᠴᠢ ᠪᠣᠳᠤᠯᠭᠠᠳᠤ ᠨᠠᠢ᠌ᠷᠠᠭᠴᠢᠳ ᠤᠨ

ᠬᠤᠪᠢᠶᠠᠯᠴᠠᠨ ᠤᠩᠰᠢᠬᠤ᠂ ᠰᠢᠯᠦᠭ᠌ ᠮᠢᠨᠢ


ᠠᠮᠢᠳᠤᠷᠠᠯ ᠤᠨ ᠢᠷᠠᠭᠤ ᠡᠭᠡᠰᠢᠭ᠌

ᠠᠷᠠᠤᠨ ᠤᠨ ᠨᠠᠢ᠌ᠷᠠᠯ ᠭᠦᠭ᠍ᠵᠢᠮ

ᠠᠭᠠᠷ ᠮᠠᠠᠳᠠᠯ ᠤᠨ ᠰᠤᠯᠤᠩᠭ᠎ᠠ

ᠠᠮᠢᠨ ᠬᠤᠯᠪᠤᠭ᠎ᠠ᠂ ᠰᠢᠯᠦᠭ᠌ ᠮᠢᠨᠢᠵᠤᠬᠢᠶᠠᠭᠴᠢ ᠶᠢᠨ ᠬᠠ‍‌ᠶᠢᠭ ᠄ ᠰᠦᠨᠢᠳ ᠪᠠᠷᠠᠭᠤᠨ ᠬᠤᠰᠢᠭᠤ

ᠵᠤᠬᠢᠶᠠᠭᠴᠢ᠄ ᠮᠢ᠊·ᠭᠡᠷᠡᠯ
ᠬᠠᠷᠢᠶ᠎ᠠ᠄ ᠰᠢᠯᠦᠭ
ᠳᠠᠷᠤᠮ᠄ 1880
ᠴᠠᠭ᠄ 2013 ᠤᠨ ᠤ 01 ᠰᠠᠷ᠎ᠠ ᠶᠢᠨ 01