ᠠᠪᠣ ᠷᠠᠳᠢᠤ᠋ ᠬᠤᠶᠠᠷ

ᠠᠪᠣ ᠮᠢᠨᠢ ᠷᠠᠳᠢᠤ᠋ ᠲᠡᠶ ᠪᠣᠯᠤᠭᠰᠠᠨ ᠨᠢ 1978 ᠣᠨ ᠤ ᠦᠶ᠎ᠡ ᠶᠢᠨ ᠣᠴᠢᠷ ᠪᠠᠢ᠌ᠪᠠ᠃ ᠳᠠᠷᠠ ᠭᠦ ᠬᠠᠷᠠᠪᠳᠤᠷ ᠨᠤᠭᠤᠭᠠᠨ ᠥᠩᠭᠡ ᠲᠡᠶ᠂ ᠠᠷᠠᠢ ᠳᠤᠭᠤᠰᠬᠠᠨ ᠭᠢᠷᠢ ᠳᠤᠮᠤ ᠦᠭᠡᠶ᠂ ᠨᠢᠮᠭᠡᠪᠳᠦᠷ ᠵᠢᠵᠢᠭ᠌ ᠷᠠᠳᠢᠤ᠋ ᠶᠢ ᠣᠳᠤ ᠪᠣᠳᠤᠪᠠᠯ ᠮᠦᠨ ᠴᠤ ᠨᠠᠳᠠᠳᠤ ᠳᠤᠳᠤ ᠬᠠᠷᠠᠭᠳᠠᠬᠤ ᠰᠢᠭ᠃ ᠳᠠᠷᠠ ᠨᠢ ᠮᠠᠨ ᠤ ᠭᠡᠷ ᠤᠨ ᠬᠠᠮᠤᠭ ᠠᠩᠬᠠᠨ ᠤ 《ᠣᠳᠤᠭᠢᠴᠢᠯᠠᠭᠰᠠᠨ ᠴᠠᠭᠢᠯᠭᠠᠨ ᠭᠡᠷᠡᠭ᠍ᠰᠡᠯ》 ᠪᠠᠢ᠌ᠭᠰᠠᠨ ᠶᠤᠮ᠃

ᠴᠤᠬᠤᠮ ᠳᠤ ᠪᠠᠨ ᠦᠨᠦᠭᠢ ᠷᠠᠳᠢᠤ᠋ ᠪᠠᠨ ᠠᠪᠳᠠᠷ᠎ᠠ ᠳᠡᠭᠡᠷ᠎ᠡ ᠪᠠᠨ ᠳᠠᠯᠪᠢᠵᠤ ᠪᠦᠭᠦ ᠭᠡᠷ ᠶᠢᠡᠷ ᠶᠢᠡᠨ ᠰᠤᠨᠤᠰᠬᠤ ᠶᠤᠰᠤᠳᠠᠢ ᠪᠠᠢ᠌ᠭᠰᠠᠨ ᠪᠣᠯᠪᠠᠴᠤ ᠠᠪᠣ ᠳᠡᠭᠡᠭᠡ ᠦᠭᠡᠶ᠂ ᠠᠪᠣ ᠳᠠᠷᠠ ᠷᠠᠳᠢᠤ᠋ ᠶᠢ ᠭᠠᠷ ᠡᠴᠡ ᠪᠠᠨ ᠰᠠᠯᠭᠠᠯ ᠦᠭᠡᠶ ᠭᠠᠭᠴᠠᠭᠠᠷ ᠡᠵᠡᠮᠰᠢᠳᠡᠭ᠌᠃ ᠳᠡᠭᠡᠭᠦ ᠳᠤ ᠨᠢ ᠠᠬ᠎ᠠ ᠨᠡᠷ᠄ 《ᠠᠪᠣ ᠡ᠂ ᠦᠯᠢᠭᠡᠷ ᠰᠤᠨᠤᠰᠬᠤ ᠭᠦᠮᠤᠨ ᠬᠤᠭᠤᠷᠴᠢ ᠪᠠᠨ ᠡᠪᠦᠷ ᠳᠡᠭᠡᠷ᠎ᠡ ᠪᠠᠨ ᠳᠠᠪᠠᠷᠢᠵᠤ ᠰᠠᠭᠤᠳᠠᠭ ᠦᠦ︖》᠂ 《ᠠᠯᠢ ᠭᠡᠷ ᠤᠨ ᠠᠪᠣ ᠨᠢ ᠳᠠᠨ ᠤ ᠠᠳᠠᠯᠢ ᠷᠠᠳᠢᠤ᠋ ᠪᠠᠨ ᠠᠳᠬᠤᠭᠠᠤᠨ ᠳᠠᠯᠪᠢᠳᠠᠭ ᠦᠭᠡᠶ ᠪᠣᠢ︖》᠂ 《ᠳᠠᠷᠠ ᠴᠢᠨᠢ ᠳᠠᠭᠤ ᠶᠢ ᠨᠢ ᠰᠤᠨᠤᠰᠳᠠᠭ ᠶᠠᠭᠤᠮ᠎ᠠ ᠶᠠᠮᠠᠷ ᠲᠠᠭᠠᠨ ᠬᠠᠮᠢᠭ᠎ᠠ ᠳᠠᠯᠪᠢᠯ᠎ᠠ ᠭᠡᠳ ᠥᠭᠡᠷ᠎ᠡ ᠦᠦ︖ ᠡᠨᠡ ᠠᠪᠳᠠᠷ᠎ᠠ ᠳᠡᠭᠡᠷ᠎ᠡ ᠳᠠᠯᠪᠢᠶ᠎ᠠ᠂ ᠪᠦᠭᠦᠳᠡᠭᠡᠷ ᠰᠤᠨᠤᠰᠬᠤ ᠳᠤ ᠰᠠᠢ᠌ᠨ ᠁》 ᠭᠡᠭᠦ ᠮᠠᠳᠤ ᠪᠠᠷ ᠡᠰᠡᠷᠭᠦᠴᠡᠯ ᠭᠠᠷᠭᠠᠳᠠᠭ᠃ ᠭᠡᠭᠦ ᠲᠤ ᠠᠪᠣ ᠪᠦᠷ ᠴᠤ ᠦᠯᠤ ᠮᠡᠳᠡᠭ᠍ᠴᠢ ᠪᠣᠯᠬᠤ ᠶᠤᠮ ᠦᠦ᠂ ᠡᠰᠡᠪᠠᠯ᠄ 《ᠳᠠᠢ᠌ᠮᠤ ᠦᠭᠡᠶ ᠶᠠᠭᠠᠭᠢᠭᠰᠠᠨ ᠪᠣᠢ᠂ ᠪᠢ ᠪᠠᠷᠢᠬᠤ ᠳᠤ ᠶᠠᠭᠠᠭᠢᠬᠤ ᠶᠤᠮ︖ ᠳᠠᠨᠤᠰ ᠳᠠᠭᠤ ᠶᠢ ᠨᠢ ᠰᠤᠨᠤᠰᠪᠠᠯ ᠪᠣᠯᠤᠯ᠎ᠠ ᠪᠠ︖》 ᠭᠡᠴᠢᠭᠡᠳᠡᠭ᠌᠃ ᠳᠡᠭᠡᠭᠡᠳ ᠯᠠ ᠡᠰᠡᠷᠭᠦᠴᠡᠯ ᠰᠠᠨᠠᠯ ᠨᠢ ᠶᠠᠮᠠᠷ ᠴᠤ ᠦᠷ᠎ᠡ ᠳᠤᠰᠠ ᠭᠠᠷᠳᠠᠭ ᠦᠭᠡᠶ ᠪᠣᠯᠬᠤᠷ᠂ ᠰᠡᠭᠦᠯ ᠰᠡᠭᠦᠯ ᠳᠡᠭᠡᠨ ᠭᠡᠨ ᠴᠤ ᠭᠡᠯᠡᠭᠦ ᠪᠠᠨ ᠪᠣᠯᠢᠵᠠᠢ᠃

ᠢᠳᠠᠵᠤ ᠡᠮᠦᠰᠭᠦ ᠶᠢᠨ ᠵᠣᠢ᠌ᠯ ᠢ ᠪᠣᠯ ᠬᠡᠦᠬᠡᠳ ᠲᠡᠭᠡᠨ ᠯᠠ ᠭᠡᠵᠤ 《ᠢᠳᠠ︕ ᠡᠮᠦᠰ︕ ᠮᠢᠨᠤ ᠬᠡᠦᠬᠡᠳ》 ᠭᠡᠵᠤ ᠦᠪᠡᠷ ᠶᠢᠡᠨ ᠡᠳ᠋ᠯᠡᠭᠦ ᠪᠠᠨ ᠪᠠᠢ᠌ᠵᠤ᠂ ᠠᠮᠳᠠᠳᠠᠢ ᠰᠠᠢ᠌ᠬᠠᠨ ᠪᠦᠭᠦᠨ ᠶᠢᠡᠨ ᠭᠢᠷᠢ ᠪᠠᠷ ᠨᠢ ᠬᠡᠦᠬᠡᠳ ᠲᠡᠭᠡᠨ ᠥᠭ᠍ᠳᠡᠭ᠌ ᠪᠦᠭᠡᠳ ᠦᠪᠡᠷ ᠤᠨ ᠬᠠᠮᠤᠭ ᠳᠤᠷᠠᠳᠠᠢ ᠬᠠᠶᠠ ᠨᠢᠭᠡ ᠣᠯᠵᠤ ᠣᠤᠭᠤᠳᠠᠭ ᠠᠷᠢᠭᠢ ᠪᠠᠨ ᠭᠦᠷᠳᠡᠯ᠎ᠡ ᠠᠬ᠎ᠠ ᠨᠡᠷ ᠲᠤ ᠪᠠᠰᠠ ᠥᠭ᠍ᠴᠤ 《ᠳᠤᠷᠠᠳᠠᠢ ᠪᠣᠯ ᠣᠤᠭᠤ᠂ ᠠᠳᠠᠯᠢᠬᠠᠨ ᠬᠤᠭᠤᠯᠠᠢ ᠪᠢᠰᠢᠤ ᠳ᠋ᠠ᠂ ᠶᠠᠭᠠᠭᠢᠨ᠎ᠠ ᠳᠡᠭᠡᠭᠡᠳ》 ᠭᠡᠳᠡᠭ᠌ ᠠᠪᠣ ᠮᠢᠨᠢ ᠬᠠᠷᠢᠨ ᠷᠠᠳᠢᠤ᠋ ᠪᠠᠨ ᠪᠣᠯ ᠶᠠᠭᠠᠭᠢᠭᠰᠠᠨ ᠴᠤ᠄ 《ᠮᠠᠢ︕ ᠰᠤᠨᠤᠰ︕ ᠠᠳᠠᠯᠢᠬᠠᠨ ᠴᠢᠭᠢ ᠪᠢᠰᠢᠤ》 ᠭᠡᠳᠡᠭ᠌ ᠦᠭᠡᠶ ᠨᠢ ᠥᠨᠡᠭᠡᠷ ᠰᠤᠨᠢᠨ ᠶᠤᠮ᠃ ᠳᠡᠭᠡᠭᠦ ᠳᠤ ᠣᠳᠤ ᠪᠣᠳᠤᠪᠠᠯ ᠳᠠᠷᠠ ᠦᠶ᠎ᠡ ᠳᠤ ᠠᠪᠣ ᠪᠠᠰᠠ ᠠᠷᠭ᠎ᠠ ᠦᠭᠡᠶ ᠪᠠᠢ᠌ᠵᠠᠢ᠃ ᠬᠤᠶᠠᠷ ᠵᠠᠩ ᠣᠷᠳᠤ᠂ ᠳᠤᠷᠰᠢ ᠬᠠᠩᠵᠤᠨ ᠳᠡᠭᠡᠷ᠎ᠡ ᠠᠪᠣ ᠶᠢᠨ ᠮᠢᠨᠢ ᠨᠢ᠋ᠮᠠᠨ ᠬᠡᠦᠬᠡᠳ ᠰᠢᠬᠠᠯᠳᠤᠨ ᠪᠣᠵᠢᠭᠢᠨᠠᠯᠳᠤᠭᠰᠠᠨ ᠪᠠᠢ᠌ᠪᠠ ᠭᠡᠨ᠎ᠡ᠃ ᠳᠠᠷᠠ ᠥᠢᠮᠡᠭᠡᠨ ᠳᠤ ᠠᠪᠣ ᠶᠠᠭᠠᠭᠢᠵᠤ ᠠᠮᠤᠷ ᠳᠠᠢ᠌ᠪᠣᠩ ᠷᠠᠳᠢᠤ᠋ ᠣᠯᠤᠭᠠᠤᠨ ᠰᠤᠨᠤᠰᠴᠢᠬᠠᠨ᠎ᠠ ᠪᠢᠯᠠ ⁉

ᠬᠠᠯᠠᠭᠤᠨ ᠵᠤᠨ ᠤ ᠦᠳᠡ᠂ ᠭᠦᠢᠳᠡᠨ ᠡᠪᠦᠯ ᠤᠨ ᠰᠦᠨᠢ᠂ ᠬᠠᠪᠣᠷ ᠡᠴᠡ ᠨᠠᠮᠤᠷ ᠲᠤ ᠠᠪᠣ ᠮᠢᠨᠢ ᠨᠣᠢ᠌ᠷ ᠶᠠᠳᠠᠷᠠᠯ ᠶᠢᠡᠨ ᠮᠠᠷᠳᠠᠵᠤ ᠷᠠᠳᠢᠤ᠋ ᠰᠤᠨᠤᠰᠤᠨ᠎ᠠ᠃ ᠮᠤᠩᠭ᠋ᠤᠯ ᠨᠡᠪᠳᠡᠷᠡᠭᠦᠯᠭᠡ ᠵᠠᠪᠰᠠᠷᠯᠠᠪᠠᠯ᠂ ᠳᠠᠮᠠᠢ ᠭᠡᠳᠤᠨ ᠥᠭᠦᠯᠡᠪᠦᠷᠢ ᠳᠦᠭᠦᠭᠡᠷᠭᠦ ᠦᠭᠡᠶ ᠭᠢᠷᠢ ᠨᠢ ᠭᠢᠳᠠᠤᠨ ᠢ ᠴᠤ ᠰᠤᠨᠤᠰᠤᠨ᠎ᠠ᠃ ᠬᠠᠶᠠ ᠳᠠᠭᠠᠨ ᠪᠣᠰᠤᠳ ᠦᠨᠳᠦᠰᠦᠳᠠᠨ ᠤ ᠭᠡᠯᠡ ᠶᠢ ᠴᠤ ᠳᠠᠯᠪᠢᠴᠢᠬᠠᠭᠠᠤᠨ᠄ 《ᠡᠨᠡ 〈ᠠᠪᠣ〉 ᠣᠳᠤ ᠶᠠᠭᠤ ᠳᠤᠩᠭ᠋ᠤᠰᠴᠤ ᠪᠠᠢ᠌ᠬᠤ ᠪᠣᠢ︖ ᠲᠦᠪᠡᠳ ᠡ᠂ ᠲᠦᠪᠡᠳ᠃ ᠲᠦᠪᠡᠳ ᠶᠢᠡᠷ ᠠᠢ᠌ᠯᠠᠳᠴᠤ ᠪᠠᠢ᠌ᠨ᠎ᠠ》 ᠭᠡᠨ᠎ᠡ᠃ ᠠᠪᠣ ᠳᠤ ᠠᠪᠴᠤ ᠭᠡᠯᠡᠪᠠᠯ ᠦᠪᠡᠷ ᠶᠢᠡᠨ ᠣᠢ᠌ᠯᠠᠭᠠᠵᠤ ᠮᠡᠳᠡᠭᠦ ᠦᠭᠡᠶ ᠭᠡᠯᠡ ᠪᠣᠯ ᠪᠦᠷ 《ᠲᠦᠪᠡᠳ》᠂ ᠠᠰᠳᠠᠭᠠᠨ ᠭᠡᠯᠡ ᠠᠯᠠᠭ᠎ᠠ᠃

ᠬᠠᠶᠠ ᠳᠠᠭᠠᠨ᠂ ᠨᠠᠩ ᠴᠤ ᠰᠡᠭᠦᠯ ᠤᠨ ᠦᠶ᠎ᠡ ᠳᠤ ᠠᠪᠣ ᠮᠢᠨᠢ ᠣᠯᠠᠮ ᠶᠢᠡᠷ ᠨᠠᠰᠤ ᠶᠠᠪᠣᠭᠰᠠᠨ ᠶᠢᠡᠷ ᠠᠵᠢᠯ ᠤᠨ ᠶᠠᠳᠠᠷᠠᠯ ᠶᠢᠡᠨ ᠳᠠᠢ᠌ᠯᠬᠤ ᠭᠡᠵᠤ ᠪᠠᠢ᠌ᠨ ᠪᠠᠢ᠌ᠨ 《ᠬᠤᠶᠠᠷ ᠯᠠᠩ》 ᠵᠢᠡᠨ ᠰᠢᠮᠡᠴᠢᠭᠡᠭᠡᠳ ᠷᠠᠳᠢᠤ᠋ ᠪᠠᠨ ᠰᠤᠨᠤᠰᠴᠤ ᠪᠠᠢ᠌ᠭᠠᠤᠨ ᠯᠠ᠂ ᠳᠡᠭᠦᠨ ᠶᠢᠡᠨ ᠪᠠᠷᠢᠴᠢᠬᠠᠭᠰᠠᠨ ᠬᠤᠷᠭᠢᠷᠠᠭᠠᠤᠨ ᠥᠭ᠍ᠴᠢᠭᠡᠳᠡᠭ᠌᠃ ᠬᠠᠮᠠᠷ ᠳᠠᠳᠠᠬᠤ ᠳᠠᠭᠤ ᠪᠠᠷ ᠨᠢ ᠪᠢᠳᠠᠨ ᠤ ᠭᠡᠨ ᠨᠢᠭᠡ ᠨᠢ ᠣᠴᠢᠭᠠᠤᠨ ᠴᠡᠭᠡᠵᠢᠨ ᠳ᠋ᠠᠭᠢ ᠷᠠᠳᠢᠤ᠋ ᠶᠢ ᠨᠢ ᠰᠡᠮᠡᠷᠭᠡᠨ ᠬᠠᠭᠠᠵᠤ ᠣᠷᠭᠢᠬᠤ ᠭᠡᠭᠦ ᠳᠤ ᠨᠢ ᠪᠣᠯᠳᠠᠭ ᠦᠭᠡᠶ᠂ ᠠᠪᠣ ᠳᠠᠷᠠ ᠳᠤᠤᠷ᠎ᠠ ᠨᠢ ᠰᠠᠷᠢᠵᠤ᠄ 《ᠶᠠᠭᠠᠭᠢᠵᠤ ᠪᠠᠢ᠌ᠬᠤ ᠪᠣᠢ︖ ᠡᠨᠡ ᠬᠡᠦᠬᠡᠳ᠂ ᠭᠦᠮᠤᠨ ᠰᠤᠨᠤᠰᠴᠤ ᠪᠠᠢ᠌ᠬᠤ ᠳᠤ︕》 ᠭᠡᠨ᠎ᠡ᠃ ᠨᠡᠪᠳᠡᠷᠡᠭᠦᠯᠭᠡ ᠨᠢ ᠪᠠᠷᠠᠴᠢᠬᠠᠭᠰᠠᠨ ᠪᠠᠢ᠌ᠭᠰᠠᠨ ᠪᠣᠯ᠄ 《ᠠᠯᠢ ᠵᠠᠪ ᠲᠤ ᠨᠢ ᠪᠠᠷᠠᠴᠢᠬᠠᠭᠰᠠᠨ ᠪᠣᠢ︖》 ᠭᠡᠨ᠎ᠡ᠃ ᠳᠡᠭᠡᠵᠤ ᠳᠡᠭᠡᠭ᠍ᠰᠡᠭᠡᠷ ᠠᠪᠣ ᠰᠡᠭᠦᠯ ᠰᠡᠭᠦᠯ ᠳᠡᠭᠡᠨ ᠷᠠᠳᠢᠤ᠋ ᠰᠤᠨᠤᠰᠪᠠᠯ ᠰᠠ‍‌ᠶᠢ ᠣᠠᠳᠠᠵᠤ ᠣᠷᠤᠳᠠᠭ ᠪᠣᠯᠪᠠ᠃

ᠠᠪᠣ ᠶᠢᠨ 《ᠭᠠᠭᠴᠠᠭᠠᠷ ᠡᠵᠡᠮᠰᠢᠭᠦ》 ᠵᠠᠩ ᠢ ᠬᠤᠶᠠᠳᠤᠭᠠᠷ ᠠᠬ᠎ᠠ ᠬᠠᠮᠤᠭ ᠡᠴᠡ ᠢᠯᠡᠭᠦᠤ ᠡᠰᠡᠷᠭᠦᠴᠡᠳᠡᠭ᠌ ᠪᠠᠢ᠌ᠵᠤ᠄ 《ᠠᠯᠢ ᠦᠶ᠎ᠡ ᠳᠤ ᠵᠤᠭᠤᠰ ᠣᠯᠤᠭᠰᠠᠭᠠᠷ ᠨᠢᠭᠡ ᠪᠠᠠᠳᠧᠤ ᠶᠢᠨ ᠴᠢᠨᠡᠭᠡ ᠳᠤᠮᠤ ᠷᠠᠳᠢᠤ᠋ ᠠᠪᠣᠨ᠎ᠠ ᠡ᠃ ᠳᠡᠭᠡᠪᠠᠯ ᠠᠪᠣ ᠶᠢᠨ ᠨᠢᠭᠡ ᠳᠠᠪᠠᠷᠢᠵᠤ ᠪᠠᠢ᠌ᠭᠠᠤᠨ ᠰᠤᠨᠤᠰᠬᠤ ᠶᠢ ᠨᠢ ᠦᠵᠡᠶ᠎ᠠ᠃ ᠪᠣᠤ ᠶᠠᠭᠠᠷᠠᠵᠤ ᠪᠠᠢ︕》 ᠭᠡᠵᠤ ᠵᠠᠨᠤᠵᠤ ᠪᠠᠢ᠌ᠭᠰᠠᠨ ᠶᠢᠡᠨ ᠨᠠᠶᠠᠭᠠᠤᠨ ᠣᠨ ᠤ ᠡᠭᠢ ᠪᠠᠷ ᠦᠪᠡᠷ ᠤᠨ ᠴᠢᠳᠠᠯ ᠶᠢᠡᠷ ᠶᠢᠡᠨ ᠵᠤᠭᠤᠰ ᠣᠯᠤᠮᠠᠭᠴᠠ᠂ ᠥᠨᠡᠭᠡᠷ ᠨᠢᠭᠡ ᠪᠠᠠᠳᠧᠤ ᠶᠢᠨ ᠴᠢᠨᠡᠭᠡ ᠳᠦᠷᠪᠠᠯᠵᠢᠨ ᠪᠢᠰᠢ ᠪᠣᠯᠪᠠᠴᠤ ᠳᠠᠷ᠎ᠠ ᠶᠢᠨ ᠴᠢᠨᠡᠭᠡ ᠣᠷᠳᠤᠯᠵᠢᠨ ᠳᠤᠮᠤ ᠶᠠᠭᠤᠮ᠎ᠠ ᠠᠪᠴᠢᠷᠠᠪᠠ᠃ ᠭᠡᠯᠡᠪᠠᠯ ᠳᠠᠷᠠ ᠦᠶ᠎ᠡ ᠳᠤ ᠠᠪᠣ ᠶᠢᠨ ᠦᠨᠦ ᠵᠢᠵᠢᠭ᠌ ᠷᠠᠳᠢᠤ᠋ ᠨᠢ ᠮᠠᠭᠤᠵᠢᠷᠠᠵᠤ ᠱᠠᠷ ᠱᠤᠷ ᠲᠡᠶ ᠪᠣᠯᠴᠢᠬᠠᠭᠰᠠᠨ ᠪᠠᠢ᠌ᠪᠠ᠃ ᠠᠬ᠎ᠠ ᠦᠨᠦ ᠪᠦᠳᠦᠭᠦᠨ ᠶᠠᠭᠤᠮ᠎ᠠ ᠪᠠᠨ ᠠᠪᠳᠠᠷ᠎ᠠ ᠳᠡᠭᠡᠷ᠎ᠡ ᠳᠠᠯᠪᠢᠬᠤ ᠳᠤ᠂ ᠠᠪᠣ ᠶᠠᠭᠤ ᠴᠤ ᠶᠠᠷᠢᠭ᠎ᠠ ᠦᠭᠡᠶ᠂ ᠴᠠᠢ ᠴᠤᠤ ᠣᠤᠭᠤᠭᠰᠠᠨ ᠭᠦᠮᠤᠨ ᠪᠣᠯᠵᠤ᠂ ᠪᠠᠢ᠌ᠨ ᠪᠠᠢ᠌ᠨ ᠳᠤᠮᠤ ᠷᠠᠳᠢᠤ᠋ ᠶᠢ ᠰᠢᠷᠪᠢᠵᠤ᠂ ᠭᠠᠷ ᠲᠠᠭᠠᠨ ᠣᠷᠤᠯᠳᠤᠬᠤ ᠶᠠᠭᠤᠮ᠎ᠠ ᠨᠢᠭᠡ ᠶᠡᠭᠡ ᠳᠤᠳᠠᠭᠰᠠᠨ᠂ ᠭᠢᠳᠠᠯ ᠠᠯᠳᠠᠭᠰᠠᠨ ᠳᠦᠷᠢᠯᠠᠵᠤ ᠪᠠᠢ᠌ᠭᠰᠠᠨ ᠶᠢᠡᠨ ᠨᠢᠭᠡ ᠡᠳᠦᠷ ᠠᠬ᠎ᠠ ᠶᠢ ᠭᠠᠷᠤᠭᠰᠠᠨ ᠵᠠᠪ ᠲᠤ ᠦᠨᠦᠭᠢ ᠶᠢ ᠨᠢ ᠳᠠᠪᠠᠷᠢᠵᠤ᠂ ᠬᠠᠩᠵᠤᠨ ᠵᠡᠭᠦᠨ ᠪᠠᠶ᠎ᠠ ᠳᠤ ᠠᠪᠠᠴᠢᠨ ᠬᠠᠵᠠᠭᠤ ᠳᠠᠭᠠᠨ ᠳᠠᠯᠪᠢᠬᠤ ᠵᠠᠭᠤᠷ᠎ᠠ ᠡᠪ ᠥᠭᠡᠢ᠌ᠷᠡᠨ ᠢᠨᠢᠶᠡᠭ᠍ᠰᠡᠭᠡᠷ᠄ 《ᠡᠨᠡ ᠶᠠᠭᠤᠮ᠎ᠠ ᠢ ᠬᠤᠯᠠ ᠳᠠᠯᠪᠢᠭᠠᠤᠨ ᠶᠠᠭ ᠳᠤᠰᠠ ᠦᠭᠡᠶ᠂ ᠳᠠᠳᠴᠤ ᠦᠭ‍ᠭᠦ ᠦᠭᠡᠶ》 ᠭᠡᠨ᠎ᠡ᠃ ᠣᠳᠤ ᠪᠣᠳᠤᠬᠤ ᠳᠤ ᠠᠪᠣ ᠶᠢᠨ ᠳᠡᠷᠡᠭᠦ ᠳᠦᠷᠢ ᠶᠡᠭᠡ ᠢᠨᠢᠶᠠᠳᠤᠮ ᠲᠡᠶ ᠪᠦᠭᠡᠳ ᠦᠷᠤ ᠡᠪᠠᠳᠦᠯᠳᠡᠢ᠃ ᠳᠠᠷᠠ ᠨᠢ ᠨᠠᠳᠠᠳᠤ᠄ ᠭᠦᠮᠤᠨ 《ᠦᠳᠠᠯᠪᠠᠯ ᠦᠷ᠎ᠡ ᠶᠢᠨ ᠴᠢᠷᠠᠢ ᠶᠢ ᠬᠠᠷᠠᠨ᠎ᠠ》 ᠭᠡᠭᠦ ᠥᠭᠡ ᠶᠢ ᠠᠷᠭ᠎ᠠ ᠦᠭᠡᠶ ᠪᠣᠳᠤᠭᠳᠠᠭᠤᠯᠤᠭᠰᠠᠨ ᠶᠤᠮ᠃ ᠬᠤᠵᠢᠮ ᠨᠢ ᠬᠤᠶᠠᠳᠤᠭᠠᠷ ᠠᠬ᠎ᠠ ᠠᠪᠣ ᠶᠢᠨ ᠷᠠᠳᠢᠤ᠋ ᠨᠡᠭᠦᠯᠭᠡᠭ᠍ᠰᠡᠨ ᠢ ᠣᠯᠵᠤ ᠮᠡᠳᠡᠭᠡᠳ ᠠᠪᠣ ᠶᠢᠨ ᠥᠭᠡᠳᠡ ᠠᠭᠤᠷᠯᠠᠵᠤ ᠴᠤ ᠴᠢᠳᠠᠬᠤ ᠦᠭᠡᠶ᠂ ᠢᠨᠢᠶᠠᠵᠤ ᠴᠤ ᠴᠢᠳᠠᠬᠤ ᠦᠭᠡᠶ᠂ ᠨᠢᠭᠡ ᠢᠷᠪᠠᠢ᠌ᠭᠰᠠᠨ ᠪᠣᠯᠵᠤ᠂ ᠠᠪᠣ ᠶᠢ ᠪᠠᠢ᠌ᠬᠤ ᠦᠭᠡᠶ ᠬᠤᠭᠤᠷᠤᠠᠳᠤ ᠪᠢᠳᠠᠨ ᠳᠤ᠄ 《ᠥᠳᠡᠯᠴᠢᠭᠡᠭ᠍ᠰᠡᠨ ᠭᠦᠮᠤᠨ ᠢ ᠶᠠᠭᠠᠭᠢᠨ᠎ᠠ ᠳ᠋ᠠ᠂ ᠶᠠᠭᠠᠭᠢᠵᠤ ᠰᠤᠨᠤᠰᠪᠠᠯ ᠰᠤᠨᠤᠰᠤᠭ ᠡ︕》 ᠭᠡᠯ᠎ᠡ᠃

ᠲ᠋ᠡᠭᠡᠭᠡᠳ ᠪᠢᠳᠠ ᠪᠦᠭᠦᠳᠡᠭᠡᠷ ᠡᠰᠡᠷᠭᠦᠴᠡᠭᠦ ᠦᠭᠡᠶ ᠪᠣᠯᠤᠭᠰᠠᠨ ᠢ ᠥᠵᠡᠭᠡᠳ ᠠᠪᠣ ᠶᠢᠨ ᠮᠢᠨᠢ ᠵᠢᠷᠦᠭᠡ ᠨᠢ ᠪᠦᠳᠦᠭᠦᠷᠡᠭ᠍ᠰᠡᠨ ᠯᠠ ᠶᠠᠩᠵᠤ ᠲᠡᠶ᠃ ᠨᠢᠭᠡ ᠮᠡᠳᠡᠭᠦ ᠳᠤ ᠠᠪᠣ ᠳᠡᠭᠡᠭ᠍ᠰᠢ ᠪᠠᠨ ᠬᠠᠷᠠᠵᠤ ᠭᠡᠪᠳᠡᠴᠢᠭᠡᠭ᠍ᠰᠡᠨ ᠦᠨᠦ ᠪᠦᠳᠦᠭᠦᠨ ᠷᠠᠳᠢᠤ᠋ ᠶᠢ ᠭᠡᠳᠡᠰᠤᠨ ᠳᠡᠭᠡᠷ᠎ᠡ ᠪᠠᠨ ᠳᠠᠯᠪᠢᠴᠢᠬᠠᠭᠰᠠᠨ ᠰᠤᠨᠤᠰᠴᠤ ᠪᠠᠢ᠌ᠯ᠎ᠠ᠃ ᠠᠬ᠎ᠠ ᠪᠢᠳᠠ ᠥᠵᠡᠭᠡᠳ ᠳᠡᠰᠦᠭ᠍ᠰᠡᠨ ᠦᠭᠡᠶ ᠪᠠᠷᠠᠭᠤᠨ ᠬᠠᠩᠵᠤᠨ ᠳᠡᠭᠡᠷ᠎ᠡ ᠫᠦᠷᠴᠢᠭᠢᠨᠡᠳᠡᠯ᠎ᠡ ᠢᠨᠢᠶᠠᠯᠳᠤᠪᠠ᠃ ᠬᠡᠦᠬᠡᠳ ᠨᠢ ᠪᠦᠭᠦᠳᠡᠭᠡᠷ ᠳᠡᠭᠦᠨ ᠢ ᠬᠠᠷᠠᠭᠠᠤᠨ 《ᠡᠯᠡᠭᠯᠡᠵᠤ》 ᠢᠨᠢᠶᠡᠭᠦ ᠶᠢ ᠥᠵᠡᠭᠡᠳ ᠠᠪᠣ ᠴᠤ ᠳᠠᠭᠠᠭᠠᠤᠨ ᠫᠦᠭ᠌ ᠫᠦᠭ᠌ ᠢᠨᠢᠶᠠᠯ᠎ᠠ᠃ ᠢᠨᠢᠶᠠᠳᠤᠨ ᠳᠤ ᠨᠢ ᠭᠡᠳᠡᠰᠤ ᠨᠢ ᠳᠤᠷᠭᠢᠬᠤ ᠪᠠᠷ᠂ ᠭᠡᠳᠡᠰᠤᠨ ᠳᠡᠭᠡᠷᠡᠭᠢ ᠷᠠᠳᠢᠤ᠋ ᠨᠢ ᠳᠡᠭᠡᠷ᠎ᠡ ᠳᠡᠭᠡᠷ᠎ᠡ ᠳᠤᠯᠭᠢᠰᠴᠤ ᠣᠪᠤᠰ ᠣᠪᠣᠰᠭᠢᠨ ᠭᠦᠳᠡᠯᠤᠨ᠎ᠡ᠃ ᠠᠪᠣ ᠪᠠᠬᠠᠨ ᠢᠨᠢᠶᠠᠵᠤ ᠢᠨᠢᠶᠠᠵᠤ ᠪᠠᠢ᠌ᠭᠰᠠᠭᠠᠷ ᠬᠠᠨᠢᠶᠠᠵᠤ᠂ ᠬᠠᠨᠢᠶᠠᠵᠤ ᠪᠠᠢ᠌ᠭᠠᠤᠨ ᠪᠣᠰᠴᠤ ᠰᠠᠭᠤᠭᠠᠤᠨ ᠷᠠᠳᠢᠤ᠋ ᠪᠠᠨ ᠢᠯᠢᠭ᠍ᠰᠡᠭᠡᠷ᠄ 《ᠡᠨᠡ ᠶᠠᠭᠤᠮ᠎ᠠ ᠶᠢ ᠨᠢᠭᠡ ᠯᠠ ᠳᠠᠯ᠎ᠠ ᠳᠠᠭᠠᠨ ᠳᠠᠯᠪᠢᠪᠠᠯ ᠨᠥᠭᠦᠭᠡ ᠴᠢᠭᠢ ᠭᠤᠮᠤᠳᠠᠨ᠎ᠠ ᠡ᠂ ᠳᠠ ᠨᠡᠷ ᠶᠠᠭᠤ ᠮᠡᠳᠡᠭᠦ ᠪᠣᠢ︖》 ᠭᠡᠭᠦ ᠶᠤᠮ᠃

ᠭᠡᠯᠡᠪᠠᠯ᠂ ᠳᠡᠷᠡᠭᠦ ᠬᠠᠳᠠᠭᠤ ᠳᠤᠳᠠᠭᠤ ᠣᠨ ᠰᠠᠷ᠎ᠠ ᠳᠤ ᠷᠠᠳᠢᠤ᠋ ᠨᠢ ᠠᠪᠣ ᠳᠤ ᠮᠢᠨᠢ ᠭᠡᠴᠢᠨᠡᠭᠡᠨ ᠶᠡᠭᠡ ᠪᠠᠶᠠᠷ ᠳᠤᠭᠳᠤᠯᠤᠯ᠂ ᠵᠤᠭᠤᠭ ᠵᠤᠭ᠎ᠠ ᠥᠭ᠍ᠴᠤ᠂ ᠬᠠᠨᠢ ᠳᠦᠰᠢᠭ᠌᠂ ᠭᠦᠨᠡᠰᠤ ᠳᠡᠵᠢᠭᠡᠯ ᠪᠣᠯᠵᠤ ᠪᠠᠢ᠌ᠭᠰᠠᠨ ᠢ ᠪᠣᠤ ᠮᠠᠳᠠ᠃ ᠥᠰᠦᠭ᠌ ᠪᠢᠴᠢᠭ᠌ ᠦᠯᠤ ᠨᠢᠳᠦᠯᠡᠭᠦ ᠳᠠᠷᠢᠶᠠᠴᠢᠨ ᠠᠪᠣ ᠳᠤ ᠮᠢᠨᠢ ᠣᠶᠤᠨ ᠰᠤᠶᠤᠯ ᠤᠨ ᠠᠮᠢᠳᠤᠷᠠᠯ ᠤᠨ ᠭᠢᠨᠢ ᠪᠦᠭᠦ ᠠᠭᠤᠯᠭ᠎ᠠ ᠭᠡᠪᠠᠯ ᠪᠠᠷᠤᠭ ᠯᠠ ᠳᠠᠷᠠ ᠷᠠᠳᠢᠤ᠋ ᠨᠢ ᠪᠠᠢ᠌ᠭᠰᠠᠨ ᠶᠤᠮ᠃ ᠳᠠᠷᠠᠴᠢᠯᠠᠨ ᠠᠪᠣ ᠳᠡᠭᠦᠨ ᠶᠢᠡᠨ ᠪᠦᠷ ᠴᠤ ᠠᠮᠢ ᠲᠡᠶ ᠭᠤᠤᠯ ᠲᠡᠶ ᠭᠦᠮᠤᠨ ᠰᠢᠭ᠌ ᠥᠵᠡᠳᠡᠭ᠌ ᠪᠠᠢ᠌ᠵᠤ᠂ ᠨᠢᠭᠡ ᠥᠵᠡᠭᠦ ᠳᠤ ᠯᠠ ᠬᠠᠩᠵᠤᠨ ᠵᠡᠭᠦᠨ ᠪᠠᠶ᠎ᠡ ᠳᠤ ᠷᠠᠳᠢᠤ᠋ ᠲᠡᠶ ᠪᠠᠨ ᠳᠡᠭᠡᠷ᠎ᠡ ᠳᠤᠤᠷ᠎ᠠ ᠭᠡᠷᠡᠭᠦᠯ ᠪᠣᠯᠵᠤ ᠪᠠᠢ᠌ᠳᠠᠭ᠄ 《ᠠᠶ᠎ᠠ︕ ᠡᠨᠡ 〈ᠠᠪᠣ〉 ᠶᠢᠨ ᠣᠳᠠᠭᠠᠨ ᠶᠠᠪᠣᠭᠤᠯᠬᠤ ᠪᠠᠷ᠂ ᠨᠠᠷᠠ ᠭᠠᠷᠳᠠᠯ᠎ᠠ ᠪᠠᠢ᠌ᠯᠳᠤᠭᠤᠯᠤᠨ᠎ᠠ ᠭᠡᠵᠤ ᠪᠠᠢ᠌ᠨ᠎ᠠ ᠪᠠ︖ ᠡᠨᠡ 〈ᠠᠪᠣ〉 ︕》 ᠭᠡᠴᠢᠭᠡᠭ᠍ᠰᠡᠨ᠂ ᠬᠤᠭᠤᠷᠴᠢ ᠨᠢ ᠵᠠᠩᠵᠤᠨ ᠪᠠᠢ᠌ᠯᠳᠤᠭᠤᠯᠵᠤ᠂ ᠠᠪᠣ ᠬᠤᠭᠤᠷᠴᠢ ᠲᠡᠶ ᠪᠠᠨ ᠪᠠᠢ᠌ᠯᠳᠤᠨ᠎ᠠ᠃ ᠮᠠᠭᠤ ᠰᠢᠭ ᠬᠤᠭᠤᠷᠴᠢ ᠳᠠᠭᠠᠷᠠᠪᠠᠯ ᠣᠳᠤ ᠴᠤ ᠪᠠᠷᠠᠭᠰᠠᠨ ᠭᠡᠷᠡᠭ᠌᠃ ᠠᠪᠣ ᠪᠠᠢ᠌ᠨ ᠳᠠᠭᠢᠨ ᠵᠠᠩᠠᠨᠠᠵᠤ᠄ 《ᠡᠨᠡ 〈ᠠᠪᠣ〉 ᠪᠠᠰᠠ ᠶᠠᠭᠠᠭᠢᠵᠤ ᠪᠠᠢ᠌ᠭᠠᠤᠨ ᠬᠤᠭᠤᠷᠴᠢ ᠪᠣᠯᠴᠢᠬᠠᠭᠰᠠᠨ ᠪᠣᠢ︖ ᠬᠠᠢ ᠪᠣᠤ ᠶᠢᠨ ᠵᠠᠬ᠎ᠠ ᠳᠤ᠂ ᠪᠦᠷᠢᠡᠪᠠᠶᠡᠷ ᠤᠨ ᠵᠠᠬ᠎ᠠ ᠳᠤ ᠪᠠᠭᠠᠴᠢᠬᠠᠵᠠᠢ︕》 ᠭᠡᠨ᠎ᠡ᠃ ᠪᠢᠳᠠ ᠬᠤᠭᠤᠷᠤᠠᠳᠤ ᠡᠴᠡ ᠨᠢ ᠠᠷᠭ᠎ᠠ ᠪᠠᠷᠠᠭᠳᠠᠵᠤ᠄ 《ᠠᠪᠣ ᠡ︕ ᠮᠠᠭᠤᠬᠠᠢ ᠪᠣᠯ ᠰᠤᠨᠤᠰᠬᠤ ᠦᠭᠡᠶ ᠳᠤ ᠪᠣᠯᠬᠤ ᠦᠭᠡᠶ ᠦᠦ︖》 ᠭᠡᠭᠦ ᠳᠤ᠄ 《ᠰᠤᠨᠤᠰᠤᠶ᠎ᠠ︕ ᠰᠤᠨᠤᠰᠤᠶ᠎ᠠ᠃ ᠮᠠᠭᠤ ᠪᠣᠯᠪᠠᠴᠤ ᠦᠯᠢᠭᠡᠷ ᠪᠢᠰᠢᠤ ᠳ᠋ᠠ︕》 ᠭᠡᠨ᠎ᠡ ᠰᠢᠤ᠃ ᠭᠡᠷᠪᠡ ᠠᠯᠢ ᠡᠳᠦᠷ ᠨᠢᠭᠡ ᠰᠠᠢ᠌ᠨ ᠬᠤᠭᠤᠷᠴᠢ ᠦᠯᠢᠭᠡᠷ ᠡᠭᠢᠯᠡᠴᠢᠭᠡᠪᠠᠯ ᠳᠠᠷᠠ ᠦᠶ᠎ᠡ ᠳᠤ ᠠᠪᠣ ᠶᠢᠨ ᠮᠢᠨᠢ ᠭᠦᠯ ᠨᠢ ᠴᠤ ᠭᠦᠩᠭᠡᠷᠡᠨ᠎ᠡ᠂ ᠵᠠᠩ ᠨᠢ ᠴᠤ ᠭᠦᠩᠭᠡᠷᠡᠨ᠎ᠡ᠃ ᠭᠡᠳᠡᠯ᠎ᠡ ᠬᠠᠢ᠌ᠷᠠᠳᠠᠢ ᠵᠠᠩᠵᠤᠨ ᠨᠢ ᠦᠷᠡᠭ᠍ᠳᠡᠴᠢᠭᠡᠪᠠᠯ ᠬᠠᠷᠢᠨ ᠠᠮᠠᠷ ᠦᠭᠡᠶ᠃ 《ᠠᠢ ᠶᠠ᠂ ᠪᠠᠢ ᠶᠠ》 ᠪᠠᠨ ᠠᠯᠳᠠᠷᠠᠵᠤ᠂ ᠡᠪᠦᠳᠦᠭ᠌ ᠭᠡᠳᠡᠭ᠌ ᠢ ᠴᠢᠨᠢ ᠳᠡᠭᠡᠷ᠎ᠡ ᠳᠡᠭᠡᠷ᠎ᠡ ᠨᠢ ᠠᠯᠠᠭᠠᠳᠠᠵᠤ ᠠᠮᠢᠳᠠᠨ ᠢ ᠠᠮᠠᠷᠠᠭᠤᠯᠳᠠᠭ ᠦᠭᠡᠶ᠃

ᠷᠠᠳᠢᠤ᠋ ᠭᠡᠵᠤ ᠠᠪᠣ ᠶᠢᠨ ᠮᠢᠨᠢ ᠠᠮᠢᠳᠤᠷᠠᠯ ᠳᠤ ᠰᠠᠯᠵᠤ ᠪᠣᠯᠤᠰᠢ ᠦᠭᠡᠶ ᠪᠠᠶᠠᠷ ᠭᠤᠨᠢᠭ ᠪᠠᠢ᠌ᠭᠰᠠᠨ ᠨᠢ ᠦᠨᠡᠨ᠃ ᠰᠡᠭᠦᠯ ᠤᠨ ᠦᠶ᠎ᠡ ᠳᠤ ᠳᠸᠯᠸᠢᠰ ᠭᠠᠷᠴᠤ ᠢᠷᠡᠭ᠍ᠰᠡᠨ ᠡᠴᠡ ᠭᠦᠮᠦᠰ ᠪᠦᠷ ᠵᠥᠴᠦᠭᠡ ᠥᠵᠡᠳᠡᠭ᠌ ᠨᠢ ᠣᠯᠠᠨ ᠪᠣᠯᠤᠭᠰᠠᠨ ᠪᠠᠢ᠌ᠬᠤ ᠳᠤ ᠠᠪᠣ ᠬᠠᠷᠢᠨ ᠳᠸᠯᠸᠢᠰ ᠭᠡᠳᠡᠭ᠌ ᠢ ᠴᠢᠨᠢ ᠬᠠᠷᠠᠬᠤ ᠴᠤ ᠦᠭᠡᠶ᠂ ᠪᠣᠷᠤᠭᠤ ᠬᠠᠠᠳᠤᠵᠤ ᠷᠠᠳᠢᠤ᠋ ᠪᠠᠨ ᠯᠠ ᠰᠤᠨᠤᠰᠤᠨ᠎ᠠ᠃ ᠣᠳᠤ ᠪᠣᠳᠤᠬᠤ ᠳᠤ ᠠᠪᠣ ᠮᠢᠨᠢ ᠪᠢᠴᠢᠭ᠌ ᠥᠰᠦᠭ᠌ ᠮᠡᠳᠡᠭᠦ ᠦᠭᠡᠶ ᠪᠣᠯᠬᠤᠷ ᠳᠸᠯᠸᠢᠰ ᠵᠥᠴᠦᠭᠡ ᠡᠨᠡ ᠳᠠᠷᠠ ᠶᠢᠨ ᠣᠬᠠᠭᠠᠨ ᠢ ᠨᠢ ᠣᠯᠬᠤ ᠦᠭᠡᠶ ᠪᠠᠢ᠌ᠪᠠ ᠦᠦ ᠳ᠋ᠠ᠂ ᠪᠣᠤ ᠮᠠᠳᠠ᠃

1992 ᠣᠨ ᠳᠤ ᠠᠪᠣ ᠮᠢᠨᠢ ᠭᠦᠡᠳᠤ ᠡᠪᠠᠦᠡᠴᠢᠯᠡᠵᠤ ᠬᠦᠬᠡᠬᠤᠲᠠ ᠳᠤ ᠡᠮᠨᠡᠭᠦᠯᠭᠦ ᠪᠠᠷ ᠢᠷᠡᠭᠦ ᠳᠤ ᠨᠢ ᠪᠢ᠂ ᠰᠤᠨᠤᠰᠬᠤ ᠳᠤ ᠳᠦᠭᠦᠮ ᠢ ᠨᠢ ᠪᠣᠳᠤᠵᠤ ᠠᠯᠠᠭᠠᠨ ᠴᠢᠨᠡᠭᠡ ᠵᠢᠵᠢᠭ᠌ ᠷᠠᠳᠢᠤ᠋ ᠠᠪᠴᠤ ᠦᠭ‍ᠭᠦᠭ᠍ᠰᠡᠨ ᠶᠤᠮ᠃ ᠳᠡᠭᠡᠭᠦ ᠳᠤ ᠠᠪᠣ ᠶᠢᠨ ᠮᠢᠨᠢ ᠪᠠᠶ᠎ᠠ ᠡᠳᠦᠷ ᠳᠤᠰᠤᠮ ᠶᠢᠡᠨ ᠳᠤᠤᠷᠠᠳᠠᠵᠤ᠂ ᠳᠤᠮᠤᠬᠠᠨ ᠷᠠᠳᠢᠤ᠋ ᠳᠤ ᠶᠤᠮ ᠪᠣᠯ ᠳᠠᠷᠤᠭᠳᠠᠮ᠎ᠠ ᠪᠣᠯᠪᠠᠤ ᠭᠡᠮᠡᠷ᠂ ᠮᠠᠭᠤᠳᠠᠵᠤ ᠰᠤᠯᠠᠷᠠᠵᠤ ᠪᠢᠯᠠ᠃ ᠳᠡᠭᠡᠭᠡᠳ ᠣᠳᠠᠯ ᠦᠭᠡᠶ ᠠᠪᠣ ᠶᠢᠨ ᠰᠠᠨᠠᠭ᠎ᠠ ᠪᠠᠷ ᠳᠡᠭᠦᠨ ᠢ ᠨᠤᠳᠤᠭ ᠲᠤ ᠭᠦᠷᠭᠡᠪᠡ᠃ ᠵᠤᠨ ᠤ ᠠᠮᠠᠷᠠᠯᠳᠠ ᠪᠠᠷ ᠶᠢᠡᠨ ᠪᠢ ᠶᠠᠭᠠᠷᠠᠵᠤ ᠠᠪᠣ ᠪᠠᠨ ᠥᠵᠡᠭᠦ ᠪᠠᠷ ᠣᠴᠢᠭᠰᠠᠨ ᠳᠤ᠂ ᠠᠪᠣ ᠮᠢᠨᠢ ᠨᠢᠭᠡᠨᠲᠡ ᠪᠢᠳᠠᠨ ᠢ ᠣᠷᠭᠢᠵᠤ ᠭᠡᠵᠢᠶ᠎ᠡ ᠴᠤ ᠡᠷᠢᠵᠤ ᠣᠯᠳᠠᠭᠳᠠᠬᠤ ᠦᠭᠡᠶ ᠬᠤᠯᠠ ᠶᠢᠨ ᠬᠤᠯᠠ ᠭᠠᠵᠠᠷ ᠲᠤ ᠶᠠᠪᠣᠵᠤ ᠣᠳᠤᠭᠰᠠᠨ ᠠᠵᠢ᠃ ᠷᠠᠳᠢᠤ᠋ ᠶᠢ ᠨᠢ ᠬᠠᠷᠠᠬᠤ ᠳᠤ ᠯᠠ ᠠᠪᠣ ᠮᠢᠨᠢ ᠰᠠᠨᠠᠭᠳᠠᠳᠠᠭ ᠡᠴᠡ᠂ ᠠᠪᠣ ᠶᠢᠨ ᠵᠠᠷᠤᠵᠤ ᠪᠠᠢ᠌ᠭᠰᠠᠨ ᠷᠠᠳᠢᠤ᠋ ᠶᠢ ᠪᠠᠶ᠎ᠠ ᠳᠡᠭᠡᠨ ᠦᠯᠡᠳᠡᠭᠡᠵᠤ ᠳᠤᠷᠠᠰᠬᠠᠬᠤ ᠰᠠᠭᠠᠨᠠᠳᠠᠢ ᠡᠵᠢ ᠳᠤ ᠭᠡᠯᠡᠭ᠍ᠰᠡᠨ ᠴᠢᠨᠢ᠂ ᠡᠵᠢ ᠮᠢᠨᠢ᠄ 《ᠠᠪᠣ ᠴᠢᠨᠢ ᠳᠠᠷᠠ ᠶᠠᠭᠤᠮᠠᠨ ᠳᠠᠭᠠᠨ ᠶᠠᠭᠠᠭᠢᠭᠠᠤᠨ ᠳᠠᠢ᠌ᠮᠤ ᠳᠤᠷᠠᠳᠠᠢ ᠶᠢ ᠮᠡᠳᠡᠭᠦ ᠦᠭᠡᠶ᠃ ᠪᠢ ᠭᠦᠮᠤᠨ ᠡᠴᠡ ᠠᠰᠠᠭᠤᠬᠤ ᠳᠤ ᠢᠷ ᠮᠦᠷ ᠲᠡᠶ ᠶᠠᠭᠤᠮ᠎ᠠ ᠪᠢᠰᠢ ᠪᠣᠯ ᠳᠠᠮᠤᠷ ᠲᠡᠶ ᠪᠣᠯᠤᠯ᠎ᠠ ᠭᠡᠳ ᠬᠠᠮᠢᠶ᠎ᠠ ᠦᠭᠡᠶ ᠭᠡᠰᠡᠨ ᠪᠣᠯᠬᠤᠷ᠂ ᠦᠨᠦ ᠷᠠᠳᠢᠤ᠋ ᠶᠢ ᠠᠪᠣ ᠳᠤ ᠴᠢᠨᠢ ᠳᠠᠭᠠᠭᠤᠯᠤᠭᠠᠤᠨ᠂ ᠳᠠᠷ᠎ᠠ ᠶᠢᠨ ᠭᠢᠨᠢ ᠬᠠᠪᠢ ᠳᠤ ᠳᠠᠯᠪᠢᠭᠠᠤᠨ ᠥᠭ᠍ᠴᠢᠭᠡᠵᠡᠢ ᠁》 ᠭᠡᠪᠡ᠃

ᠠᠢ᠂ ᠭᠦᠭᠡᠷᠦᠭᠦᠢ᠂ ᠠᠪᠣ ᠮᠢᠨᠢ᠃ ᠭᠠᠴᠢᠭ ᠵᠤᠪᠠᠯ ᠳᠤᠭᠤᠯᠵᠤ ᠹᠧᠤᠳᠠᠯ ᠨᠡᠢ᠌ᠭᠡᠮ ᠡᠴᠡ ᠢᠷᠡᠭ᠍ᠰᠡᠨ ᠭᠦᠮᠤᠨ᠃ ᠭᠠᠷ ᠲᠠᠭᠠᠨ ᠪᠠᠶ᠎ᠠ ᠳᠡᠭᠡᠨ ᠭᠡᠵᠤ ᠡᠳ᠋ᠯᠡᠭ᠍ᠰᠡᠨ ᠪᠠᠷᠢᠭᠰᠠᠨ ᠭᠦᠷᠦᠩᠭᠡ ᠶᠠᠭᠤᠮ᠎ᠠ ᠭᠡᠵᠤ ᠶᠠᠭᠤ ᠯᠠ ᠪᠠᠢ᠌ᠨ᠎ᠠ ᠳ᠋ᠠ︕ ᠨᠠᠰᠤᠨ ᠳᠠᠭᠠᠨ ᠶᠠᠪᠣᠵᠤ ᠶᠠᠪᠣᠵᠤ ᠨᠠᠷ᠎ᠠ ᠶᠢᠨ ᠶᠢᠡᠨ ᠬᠠᠭᠠᠰ ᠢ ᠨᠢ ᠪᠠᠰᠠ ᠵᠦᠪ ᠪᠢᠴᠢᠵᠤ ᠴᠢᠳᠠᠳᠠᠭ ᠦᠭᠡᠶ᠂ ᠪᠢᠴᠢᠭ᠌ ᠥᠰᠦᠭ᠌ ᠦᠭᠡᠶ ᠳᠠᠷᠢᠶᠠᠴᠢᠨ ᠠᠪᠣ ᠮᠢᠨᠢ᠃ ᠮᠠᠠᠵᠤ ᠶᠢᠨ ᠦᠶ᠎ᠡ ᠡᠴᠡ ᠠᠪᠣᠭᠠᠤᠨ ᠡᠩ ᠤᠨ ᠨᠢᠭᠡᠨ ᠢᠷᠭᠡᠨ ᠪᠣᠯᠪᠠᠴᠤ ᠮᠠᠨ ᠤ ᠭᠡᠷ ᠲᠡᠭᠡᠨ ᠪᠣᠯ ᠬᠠᠷᠢᠨ ᠮᠠᠩᠨᠤᠭ ᠳᠠᠪᠠᠯ ᠦᠭᠡᠶ ᠬᠠᠭᠠᠨ᠃ ᠰᠢᠷᠡᠭᠡ ᠳᠠᠮᠠᠭ᠎ᠠ ᠦᠭᠡᠶ ᠭᠢᠷᠢ ᠨᠢ᠂ ᠰᠢᠷᠡᠭᠡ ᠳᠠᠮᠠᠭ᠎ᠠ ᠪᠠᠷ ᠶᠠᠭᠤ ᠪᠠᠨ ᠭᠢᠭᠦ ᠪᠣᠢ︖ ᠰᠢᠨᠡᠭᠡᠨ ᠷᠠᠳᠢᠤ᠋ ᠥᠭ᠍ᠪᠠᠯ ᠰᠤᠯᠢᠨ᠎ᠠ ᠭᠡᠰᠡᠨ ᠰᠢᠭ᠌ ᠠᠷᠭ᠎ᠠ ᠦᠭᠡᠶ ᠨᠢᠭᠡ ᠦᠯᠢᠭᠡᠷ ᠲᠤ ᠳᠤᠷᠠᠳᠠᠢ ᠠᠪᠣ᠂ ᠦᠯᠢᠭᠡᠷ ᠶᠢᠡᠷ ᠵᠢᠷᠭᠠᠵᠤ ᠦᠯᠢᠭᠡᠷ ᠶᠢᠡᠷ ᠵᠤᠪᠠᠳᠠᠭ ᠠᠪᠣ᠃ 《ᠭᠠᠷ ᠲᠠᠭᠠᠨ ᠨᠢᠳᠤ ᠲᠡᠶ》 ᠯᠠ ᠪᠢᠰᠢ᠂ 《ᠭᠠᠷ ᠲᠠᠭᠠᠨ ᠴᠢᠭᠢ ᠲᠡᠶ》 ᠮᠤᠩᠭ᠋ᠤᠯ ᠭᠦᠮᠤᠨ ᠡ᠂ ᠮᠢᠨᠤ ᠠᠪᠣ᠃ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ

ᠵᠤᠬᠢᠶᠠᠭᠴᠢ᠄ ᠨᠠ᠊·ᠭᠡᠭᠡᠡᠰᠡᠷᠡ
ᠬᠠᠷᠢᠶ᠎ᠠ᠄ ᠨᠠᠢᠷᠠᠭᠤᠯᠤᠯ
ᠳᠠᠷᠤᠮ᠄ 3462
ᠴᠠᠭ᠄ 2010 ᠤᠨ ᠤ 06 ᠰᠠᠷ᠎ᠠ ᠶᠢᠨ 02