ᠰᠢᠨᠡᠭᠡᠨ ᠪᠠᠭᠤᠷᠢ

ᠭᠡᠷ ᠶᠢᠡᠨ ᠪᠠᠭᠤᠯᠭᠠᠭᠤᠯᠤᠭᠰᠠᠨ ᠳᠤᠭᠤᠰᠬᠠᠨ ᠣᠪᠣᠭ᠎ᠠ

ᠨᠥᠭᠦᠪᠦᠷᠢ ᠶᠢ ᠨᠢ ᠬᠠᠷᠮᠠᠯᠠᠭᠰᠠᠨ ᠡᠵᠡᠨ ᠶᠢᠡᠨ ᠥᠭᠡᠢ᠌ᠯᠡᠪᠡ

ᠳᠤᠭᠤᠨᠤ ᠪᠠᠨ ᠰᠠᠭᠢᠳᠠᠭ ᠶ‍ᠢᠩᠳᠤᠩ ᠤᠨ ᠣᠳᠤᠭᠠᠤᠨ

ᠳᠤᠨᠢᠶᠠᠷ ᠲᠡᠶ ᠮᠠᠨᠠᠨ ᠡᠴᠠ ᠦᠨᠦᠷ ᠶᠢᠡᠨ ᠰᠤᠷᠠᠭᠯᠠᠪᠠ


ᠰᠢᠪᠠᠭ ᠶᠢᠡᠷ ᠳᠠᠷᠤᠭᠰᠠᠨ ᠬᠤᠳᠠᠨ ᠤ

ᠰᠦᠷᠦᠭ᠌ ᠨᠢ ᠬᠠᠮᠢᠭ᠎ᠠ ᠪᠠᠯᠴᠢᠭᠡ ᠶᠤᠮ ᠪᠣᠯ ︖

ᠰᠤᠵᠢᠭ ᠶᠢᠠᠨ ᠳᠠᠭᠠᠭᠰᠠᠨ ᠮᠠᠯ ᠤᠨ ᠮᠦᠷ ᠤᠳ

ᠰᠤᠷᠠᠭ ᠳᠤᠭᠤᠯᠴᠠᠨ ᠨᠤᠳᠤᠭ ᠡᠴᠠ ᠪᠠᠨ ᠨᠡᠭᠦᠪᠡ


ᠪᠠᠯᠴᠢᠭᠡᠷ ᠳᠤᠤᠷᠯᠠᠭᠰᠠᠨ ᠭᠦᠷᠢᠶᠡᠨ ᠤ

ᠣᠳᠠᠰᠤ ᠶᠢ ᠨᠢ ᠭᠡᠨ ᠳᠠᠰᠤᠯᠪᠠ ︖

ᠳᠡᠷᠭᠡ ᠲᠡᠶ ᠢᠷᠡᠭ᠍ᠰᠡᠨ ᠠᠩᠴᠢᠳ ᠤᠨ

ᠭᠡᠵᠢᠶ᠎ᠡ ᠣᠷᠤᠭᠰᠠᠨ ᠢ ᠨᠢ ᠬᠠᠷᠠᠪᠠ ︖


ᠭᠦᠮᠤᠨ᠂ ᠮᠡᠯ᠂ ᠪᠠᠯᠴᠢᠭᠡᠷ

ᠡ᠊ᠨᠳᠡ ᠨᠤᠳᠤᠭ ᠥᠭᠡᠢ

ᠬᠤᠳᠠ ᠪᠠᠯᠭᠠᠰᠤᠨ ᠤ ᠪᠠᠭᠤᠴᠠᠨ ᠳ᠋ᠤ

ᠳᠦᠷᠢᠶᠠᠰᠤᠯᠠᠵᠤ ᠨᠡᠭᠦᠭᠡᠳ ᠢᠷᠡᠭᠡ ᠥᠭᠡᠢ


2011 . 4 . 23



ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1168
ᠴᠠᠭ᠄ 2011 ᠤᠨ ᠤ 10 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁