ᠮᠤᠩᠭ᠋ᠤᠯ᠂ ᠳᠠᠪᠤᠨ ᠬᠤᠰᠢᠭᠤ ᠮᠠᠯ᠂ ᠨᠤᠬᠠᠢ

ᠮᠤᠩᠭᠤᠯ ᠭᠡᠵᠤ

   ᠶᠤᠰᠤ ᠶᠢ ᠳᠡᠭᠡᠳᠦᠯᠡᠳᠡᠭ᠌ ᠳᠠᠷᠬᠠᠨ ᠣᠷᠤᠨ ᠴᠤ

   ᠶᠤᠷᠤ ᠲᠡᠶ ᠪᠦᠭᠦᠨ ᠢ ᠴᠤ ᠦᠷᠤ ᠡᠪᠠᠳᠤᠨ᠎ᠡ᠃

   ᠨᠢᠳᠦᠯᠡᠭᠦ ᠳᠤ ᠴᠤ ᠮᠠᠢ᠌ᠯᠠᠳᠠᠭ ᠥᠭᠡᠢ

   ᠨᠤᠮᠤᠢ ᠳᠤᠷᠤᠢ ᠵᠠᠩ ᠲᠡᠶ ᠬᠤᠨᠢ ᠪᠠᠢ᠌ᠯ᠎ᠠ᠃     

ᠮᠤᠩᠭᠤᠯ ᠭᠡᠵᠤ

   ᠰᠢᠨ᠎ᠡ ᠶᠢ ᠡᠷᠭᠢᠮᠯᠡᠳᠡᠭ᠌ ᠳᠠᠭᠱᠢᠨ ᠣᠷᠤᠨ

   ᠰᠡᠪᠠᠭᠦᠨ ᠪᠦᠭᠦᠨ ᠢ ᠡᠷᠢᠯᠭᠢᠯᠡᠨ᠎ᠡ

   ᠰᠠᠷᠠᠯᠵᠢ ᠲᠡᠶ ᠬᠠᠰᠢᠶ᠎ᠠ ᠳᠡᠭᠡᠭᠦᠷ ᠰᠠᠷᠳᠠᠯᠵᠠᠵᠤ

   ᠰᠤᠷᠭᠤᠭ ᠢ ᠭᠦᠭᠡᠭᠡᠴᠡᠯᠳᠦᠳᠡᠭ᠌ ᠭᠤᠳᠤᠯᠵᠠᠬᠤ ᠵᠠᠩ ᠲᠡᠶ ᠢᠮᠠᠭ᠎ᠠ ᠪᠠᠢ᠌ᠯ᠎ᠠ᠃     

ᠮᠤᠩᠭᠤᠯ ᠭᠡᠵᠤ

   ᠵᠥᠭᠡᠯᠡᠨ ᠢ ᠪᠠᠬᠠᠷᠬᠠᠳᠠᠭ ᠠᠮᠤᠭᠤᠯᠠᠩ ᠣᠷᠤᠨ

   ᠵᠦᠪ ᠢ ᠰᠤᠩᠭᠤᠵᠤ ᠦᠨᠡᠨ ᠢ ᠡᠷᠢᠳᠡᠭ᠌

   ᠮᠤᠷᠢᠨ ᠬᠤᠭᠤᠷ ᠤᠨ ᠳᠠᠭᠤᠨ ᠳᠤ ᠣᠶᠠᠷᠠᠵᠤ

   ᠮᠤᠠᠳᠠᠭ ᠳᠤᠮᠤ ᠪᠠᠶ᠎ᠠ ᠪᠠᠨ ᠰᠥᠭᠦᠳᠭᠡᠵᠤ ᠥᠭ᠍ᠳᠡᠭ᠌ ᠵᠠᠩ ᠲᠡᠶ ᠳᠡᠮᠡᠭᠡ ᠪᠠᠢ᠌ᠯ᠎ᠠ᠃     

ᠮᠤᠩᠭᠤᠯ ᠭᠡᠵᠤ

   ᠲᠡᠩᠴᠡᠬᠦᠤ ᠶᠢ ᠪᠠᠳᠤᠯᠠᠳᠠᠭ ᠳᠡᠨᠢᠭᠡᠷ ᠣᠷᠤᠨ

   ᠳᠡᠩᠭᠡᠭᠡ ᠲᠡᠶ ᠡᠰᠡᠭᠦ ᠶᠢ ᠨᠢ ᠰᠢᠯᠭᠠᠳᠠᠭ ᠴᠤ

   ᠳᠡᠭ᠍ᠰᠢ ᠪᠣᠰᠤ ᠶᠢ ᠦᠵᠠᠵᠤ ᠴᠢᠳᠠᠳᠠᠭ ᠥᠭᠡᠢ

   ᠳᠡᠭ᠌ ᠳᠤᠮᠳᠠᠭᠤᠷ ᠨᠢ ᠳᠠᠰᠤᠯᠵᠤ ᠥᠭ᠍ᠳᠡᠭ᠌ ᠳᠡᠨᠡᠭ᠌ ᠵᠠᠩ ᠲᠡᠶ ᠥᠭᠡᠷ ᠪᠠᠢ᠌ᠯ᠎ᠠ᠃     

ᠮᠤᠩᠭᠤᠯ ᠭᠡᠵᠤ

   ᠬᠤᠷᠳᠤᠨ ᠢ ᠪᠢᠰᠢᠷᠡᠳᠡᠭ᠌ ᠲᠤᠢ᠌ᠪᠰᠢᠨ ᠣᠷᠤᠨ ᠳ᠋ᠤ

   ᠬᠤᠩᠭᠢᠶ᠎ᠠ ᠰᠤᠮᠤᠨ ᠢ ᠰᠢᠪᠳᠤᠯᠵᠤ

   ᠬᠤᠯᠭᠢᠵᠤ ᠪᠠᠢ᠌ᠭᠠᠤᠨ ᠳᠤᠳᠠᠭᠠᠵᠤ ᠢᠷᠡᠭ᠍ᠰᠡᠨ

   ᠬᠤᠷᠸ᠎ᠠ ᠳᠤ ᠬᠤᠤᠰ ᠦᠭᠡᠶ ᠨᠤᠳᠤᠭᠴᠢ ᠵᠠᠩ ᠲᠡᠶ ᠮᠤᠷᠢ ᠪᠠᠢ᠌ᠯ᠎ᠠ᠃     

ᠮᠤᠩᠭᠤᠯ ᠭᠡᠵᠤ

   ᠦᠨᠡᠠᠴᠢ ᠶᠢ ᠭᠦᠡᠳᠦᠳᠭᠡᠳᠡᠭ᠌ ᠳᠠᠢ᠌ᠪᠣᠩ ᠣᠷᠤᠨ ᠴᠤ

   ᠦᠵᠦᠭᠦᠷ ᠭᠢᠵᠠᠭᠠᠷ ᠦᠭᠡᠶ ᠣᠷᠳᠤ ᠴᠠᠭ ᠮᠦᠴᠡ ᠳᠤ ᠴᠤ

   ᠦᠷᠭᠦᠯᠵᠢ ᠵᠠᠩᠳᠤᠷᠴᠤ ᠶᠠᠪᠣᠳᠠᠭ ᠡᠵᠡᠨ ᠶᠢᠠᠨ ᠴᠤ

   ᠥᠭᠦᠳᠡᠯ᠎ᠡ ᠪᠠᠨ ᠭᠦᠯᠢᠶᠡᠳᠡᠭ᠌ ᠢᠳᠡᠭᠡᠯ ᠲᠡᠶ ᠬᠤᠳᠠᠴᠢ ᠨᠤᠬᠠᠢ ᠪᠠᠢ᠌ᠯ᠎ᠠ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ ᠵᠢᠨ 09 ᠮᠤᠩᠭ᠋ᠤᠯ ᠭᠡᠯᠡ ᠤᠳᠬ᠎ᠠ ᠵᠤᠬᠢᠶᠠᠯ ᠤᠨ ᠠᠩᠭᠢ

ᠵᠤᠬᠢᠶᠠᠭᠴᠢ᠄ ᠳᠠᠪᠰᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1667
ᠴᠠᠭ᠄ 2012 ᠤᠨ ᠤ 08 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ