ᠪᠣᠷᠬᠠᠨ ᠬᠠᠳᠠᠨ ᠤ ᠪᠣᠷᠬᠠᠨ ᠰᠢᠪᠠᠭᠤ

ᠪᠣᠷᠬᠠᠤᠨ ᠡᠴᠡ ᠪᠣᠳᠠᠭ᠎ᠠ ᠭᠤᠶᠤᠭᠰᠠᠨ

ᠪᠣᠷᠤ ᠰᠢᠪᠠᠭᠤ

ᠪᠣᠶᠠᠠᠳᠤ ᠬᠤᠷᠸ᠎ᠠ ᠶᠢᠨ ᠳᠤᠭᠤᠰᠤᠨ ᠳ᠋ᠤ

ᠪᠣᠷᠬᠠᠨ ᠤ ᠨᠤᠮ ᠨᠤᠮᠯᠠᠪᠠ᠂

ᠪᠣᠷᠤᠭ᠎ᠠ ᠣᠷᠤᠭ᠎ᠠ ᠦᠭᠡᠶ ᠪᠣᠳᠠᠭ᠎ᠠ ᠣᠷᠭᠤᠪᠠ

ᠨᠠᠮᠤᠷ ᠪᠣᠯᠤᠭ᠎ᠠ ᠦᠭᠡᠶ ᠦᠷ᠎ᠡ ᠰᠠᠭᠤᠪᠠ

ᠨᠠᠷᠠ ᠣᠨᠠᠬᠤ ᠦᠭᠡᠶ ᠦᠯᠠᠳᠠᠪᠠ

ᠨᠠᠪᠴᠢᠰ ᠰᠢᠷᠠᠯᠠᠬᠤ ᠦᠭᠡᠶ ᠬᠤᠴᠤᠷᠠᠪᠠ᠂

ᠪᠣᠷᠬᠠᠨ ᠠᠭᠤᠷᠯᠠᠪᠠ

ᠪᠣᠳᠠᠭ᠎ᠠ ᠭᠤᠶᠤᠬᠤ ᠳᠠᠭᠠᠨ ᠨᠤᠮ ᠰᠤᠷᠤᠭᠰᠠᠨ

ᠪᠣᠷᠤ ᠰᠢᠪᠠᠭᠤ ᠶᠢ ᠳᠤᠷᠭᠤᠪᠠ᠂

᠊᠊᠊᠊᠊᠊᠊᠊᠊᠊᠊᠊᠊᠊᠊ ᠪᠣᠷᠤ ᠬᠠᠳᠠᠨ ᠳᠤ ᠡᠭᠦᠷᠯᠡ

ᠪᠣᠷᠤᠭ᠎ᠠ ᠣᠰᠤᠨ ᠳᠤ ᠨᠤᠷᠤ

ᠬᠠᠷ᠎ᠠ ᠬᠠᠳᠠᠨ ᠳᠤ ᠡᠭᠦᠷᠯᠡ

ᠬᠠᠷᠴᠠᠭᠠᠢ ᠳᠠᠰ ᠲᠤ ᠪᠠᠷᠢᠭᠤᠯ ᠭᠡᠳ

ᠭᠤᠪᠢ ᠭᠠᠵᠠᠷ ᠴᠦᠯᠠᠪᠠ

ᠳᠠᠰ ᠪᠣᠯᠪᠠ

ᠪᠣᠷᠤ ᠬᠠᠳᠠᠨ ᠳᠤ ᠴᠦᠯᠠᠪᠠ

ᠬᠠᠷᠴᠠᠭᠠᠢ ᠪᠣᠯᠪᠠ

ᠬᠠᠷ᠎ᠠ ᠬᠠᠳᠠᠨ ᠳᠤ ᠴᠦᠯᠠᠪᠠ

ᠪᠣᠯᠵᠤᠮᠤᠷ ᠪᠣᠯᠪᠠ

ᠨᠠᠮᠤᠷ ᠤᠨ ᠥᠩᠭᠡ ᠪᠠᠷ ᠵᠢᠷᠭᠢᠪᠠ

ᠨᠠᠪᠴᠢᠰ ᠤᠨ ᠴᠢᠮᠡᠭᠡ ᠪᠠᠷ ᠨᠢᠰᠪᠠ᠂

ᠪᠣᠷᠬᠠᠤᠨ ᠤᠨ ᠬᠤᠷᠤᠭᠤ ᠰᠢᠭ ᠬᠠᠳᠠᠨ ᠳᠡᠭᠡᠷ᠎ᠡ ᠰᠠᠭᠤᠭᠠᠤᠨ

ᠪᠣᠷᠤ ᠰᠢᠪᠠᠭᠤ

ᠪᠣᠷᠬᠠᠨ ᠤ ᠨᠤᠮ ᠨᠤᠮᠯᠠᠪᠠ

ᠡ᠂   ᠪᠣᠷᠬᠠᠨ ᠮᠢᠨᠢ︕


                    ᠲ᠋ᠤᠷᠤᠨ᠎ᠠ ᠭᠤᠪᠢ ᠠᠢ᠌ᠮᠠᠭ ᠠᠢ᠌ᠷᠠᠭ ᠰᠤᠮᠤ  ᠴᠠᠭᠠᠨ ᠳᠠᠯ ᠳ᠋ᠤ

                          2010. 08 .15


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1623
ᠴᠠᠭ᠄ 2011 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ