ᠣᠩᠭ᠋ᠤᠨ ᠣᠳᠠ ᠶᠢᠨ ᠦᠷᠠᠰ

ᠮᠠᠩᠨᠤᠭ ᠰᠢᠭ ᠮᠠᠩᠬᠠᠨ ᠳᠡᠭᠡᠷ᠎ᠡ ᠪᠠᠨ

ᠮᠠᠴᠤᠯᠭᠢᠯᠠᠵᠤ ᠪᠠᠢ᠌ᠵᠤ ᠥᠰᠦᠭ᠍ᠰᠡᠨ

ᠮᠤᠯᠤᠷ ᠡᠷᠳᠡᠨᠢ ᠮᠤᠷᠢᠨ ᠳᠡᠭᠡᠷ᠎ᠡ ᠪᠠᠨ

ᠮᠤᠠᠴᠤᠭᠯᠠᠵᠤ ᠰᠠᠭᠤᠵᠤ ᠳᠤᠷᠨᠢᠭᠰᠠᠨ

ᠣᠮᠤᠭ ᠪᠠᠬᠠᠳᠤᠯᠳᠤ ᠮᠤᠩᠭ᠋ᠤᠯᠴᠤᠳ

ᠣᠩᠭ᠋ᠤᠨ ᠣᠳᠠ ᠶᠢᠨ ᠦᠷᠠᠰ ᠡ

ᠦᠨᠳᠦᠷ ᠭᠦᠭᠡ ᠳᠡᠭ᠍ᠷᠢ ᠰᠢᠭ᠌

ᠦᠷᠭᠡᠨ ᠬᠠᠩᠭ᠋ᠠᠢ ᠴᠡᠭᠡᠵᠢ ᠳᠠᠢ

ᠠᠰᠬ᠎ᠠ ᠡᠭ᠍ᠴᠡ ᠬᠠᠢ᠌ᠷᠬᠠᠨ ᠰᠢᠭ

ᠠᠰᠤᠷᠤ ᠰᠦᠷᠯᠢᠭ᠌ ᠴᠤᠭᠴᠠᠰ ᠳᠠᠢ

ᠣᠮᠤᠭ ᠪᠠᠬᠠᠳᠤᠯᠳᠤ ᠮᠤᠩᠭ᠋ᠤᠯᠴᠤᠳ

ᠣᠩᠭ᠋ᠤᠨ ᠣᠳᠠ ᠶᠢᠨ ᠦᠷᠠᠰ ᠡ

ᠰᠢᠵᠢᠷ ᠠᠯᠳᠠᠨ ᠨᠠᠷᠠᠨ ᠰᠢᠭ

ᠢᠪᠠᠭᠡᠯᠳᠤ ᠣᠶᠠᠬᠠᠨ ᠰᠡᠳᠭᠢᠯ ᠳᠠᠢ

ᠰᠢᠷ᠎ᠠ ᠮᠦᠷᠠᠨ ᠤ ᠣᠷᠤᠰᠬᠠᠯ ᠰᠢᠭ

ᠢᠷᠮᠡᠭᠦᠨ ᠡᠷᠡᠯᠭᠡᠭ᠌ ᠰᠦᠰᠦ ᠳᠠᠢ

ᠣᠮᠤᠭ ᠪᠠᠬᠠᠳᠤᠯᠳᠤ ᠮᠤᠩᠭ᠋ᠤᠯᠴᠤᠳ

ᠣᠩᠭ᠋ᠤᠨ ᠣᠳᠠ ᠶᠢᠨ ᠦᠷᠠᠰ ᠡ


ᠵᠤᠬᠢᠶᠠᠭᠴᠢ ᠶᠢᠨ ᠬᠠᠶ‍ᠢᠭ ᠄ ᠣᠷᠠᠤᠨ ᠤᠨ ᠬᠣᠢ᠌ᠳᠤ ᠬᠤᠰᠢᠭᠤ

ᠵᠤᠬᠢᠶᠠᠭᠴᠢ᠄ ᠤᠷᠲᠤ‍ᠮᠦ᠋ᠷᠡᠨ
ᠬᠠᠷᠢᠶ᠎ᠠ᠄ ᠰᠢᠯᠦᠭ
ᠳᠠᠷᠤᠮ᠄ 1837
ᠴᠠᠭ᠄ 2010 ᠤᠨ ᠤ 05 ᠰᠠᠷ᠎ᠠ ᠶᠢᠨ 04