ᠳᠠᠯᠠᠨ ᠬᠤᠳᠠᠯᠴᠢ
ᠱᠤᠭ ᠶᠠᠷᠢᠶ᠎ᠠ

ᠠ ᠄ ( ᠨᠢᠭᠡ ᠶᠠᠭᠤᠮ᠎ᠠ ᠡᠷᠢᠵᠤ ᠪᠠᠢ᠌ᠬᠤ ᠲᠦᠯᠦᠪᠳᠠᠢ ᠦᠯᠦᠩ ᠴᠦᠯᠤᠩ ᠭᠡᠭ᠍ᠰᠡᠭᠡᠷ ᠳᠠᠢ᠌ᠰᠠᠨ ᠳᠤ ᠭᠠᠷᠤᠨ᠎ᠠ )

ᠡ᠄ ᠰᠠᠢ᠌ᠨ ᠦᠦ ︖ ᠠᠬ᠎ᠠ ᠡ ᠂ ᠶᠠᠭᠤ ᠶᠠᠭᠠᠷᠠᠵᠤ ᠶᠠᠪᠣᠨ᠎ᠠ ︖

ᠠ ᠄ ᠰᠠᠢ᠌ᠨ ᠂ ᠰᠠᠢ᠌ᠨ ︕ ᠬᠠᠷᠢᠨ ᠪᠢ ᠴᠭᠠᠨ ᠳᠡᠮᠡᠭᠡᠨ ᠤ ᠡᠷᠢᠯ ᠳᠤ ᠶᠠᠪᠣᠵᠤ ᠪᠠᠢ᠌ᠨ᠎ᠠ ︕

ᠡ ᠄ ᠶᠠᠮᠠᠷ ᠴᠠᠭᠠᠨ ᠳᠡᠮᠡᠭᠡ ︖ ᠭᠡᠵᠢᠶ᠎ᠡ ᠭᠡᠭᠡᠴᠢᠭᠡᠪᠡ ᠳ᠋ᠠ ︖

ᠠ ᠄ ᠰᠦᠮᠪᠦᠷ ᠠᠭᠤᠯᠠ ᠶᠢ ᠳᠤᠪᠣ ᠳᠠᠳᠤᠢ ᠪᠠᠢ᠌ᠬᠤ ᠳ᠋ᠤ᠂ ᠰᠦᠨ ᠳᠠᠯᠠᠢ ᠶᠢ ᠱᠠᠯᠪᠠᠭ ᠳᠠᠳᠤᠢ ᠪᠠᠢ᠌ᠬᠤ ᠳ᠋ᠤ᠂ ᠡᠪᠦᠭᠡ ᠠᠪᠣ ᠶᠢ ᠳᠦᠷᠦᠭᠡᠳᠦᠢ ᠪᠠᠢ᠌ᠬᠤ ᠳ᠋ᠤ᠂ ᠦᠪᠡᠷ ᠤᠨ ᠠᠪᠣ ᠶᠢ ᠥᠯᠦᠭᠡᠢ ᠲᠡᠶ ᠪᠠᠢ᠌ᠬᠤ ᠳᠤ᠂ ᠪᠢ ᠡᠪᠦᠭᠡ ᠠᠪᠣ ᠶᠢᠨ ᠶᠢᠡᠨ ᠴᠠᠭᠠᠨ ᠳᠡᠮᠡᠭᠡ ᠶᠢ ᠭᠡᠭᠡᠴᠢᠭᠡᠵᠡᠢ ᠡ ︕

ᠡ ᠄ ᠬᠤᠶᠠᠭᠤᠯᠠ ᠪᠠᠨ ᠡᠷᠢᠭᠦ ᠪᠠᠷ ᠶᠠᠪᠣᠶ᠎ᠠ ︕ ( ᠪᠠᠬᠠᠨ ᠠᠯᠬᠤᠭᠠᠤᠨ) ᠭᠦᠢ ︕ ᠶᠠᠭᠤ ᠱᠤᠯᠤᠩ ᠱᠤᠯᠤᠩ ᠭᠡᠤᠨ ᠪᠠᠢ᠌ᠨ᠎ᠠ ︖

ᠠ᠄ (ᠴᠢᠭᠢ ᠳᠠᠯᠪᠢᠨ ᠴᠢᠩᠨᠠᠭᠠᠤᠨ ) ᠬᠠᠢ ︕ ᠪᠣᠷᠤ ᠪᠢᠯᠵᠤᠤᠬᠠᠢ ᠪᠣᠷᠪᠢ ᠪᠠᠷ ᠶᠢᠡᠨ ᠠᠢ᠌ᠷᠠᠭ ᠪᠦᠯᠢᠵᠤ ᠳᠤᠰᠤ ᠪᠠᠨ ᠬᠤᠪᠢᠶᠠᠯᠴᠠᠨ᠎ᠠ ᠭᠡᠤᠨ ᠭᠡᠷᠡᠯᠳᠦᠵᠤ ᠪᠠᠢ᠌ᠨ᠎ᠠ ︕

ᠡ ᠄ ᠬᠤᠪᠢᠶᠠᠭᠠᠤᠨ ᠥᠭ᠍ᠴᠢᠭᠡ ᠳ᠋ᠠ ︕

ᠠ ᠄ ( ᠬᠤᠪᠢᠶᠠᠵᠤ ᠪᠠᠢ᠌ᠬᠤ ᠭᠦᠳᠡᠯᠭᠡᠭᠡᠨ ᠭᠠᠷᠭᠠᠨ᠎ᠠ) ᠳᠠᠯᠬᠠᠤᠨ ᠤᠨ ᠠᠶᠠᠭ᠎ᠠ ᠪᠠᠷ ᠳᠠᠯᠠ ᠳᠠᠯᠠ ᠂ ᠳᠠᠯᠠᠯᠭ᠎ᠠ ᠵᠢᠨ ᠰᠠᠭᠤᠯᠠᠭ᠎ᠠ ᠪᠠᠷ ᠳᠤᠯᠤᠭ᠎ᠠ ᠳᠤᠯᠤᠭ᠎ᠠ ᠬᠤᠪᠢᠶᠠᠭᠠᠤᠨ ᠥᠭ᠍ᠴᠢᠭᠡᠯ᠎ᠡ ︕

ᠡ ᠄ ᠦᠯᠠᠳᠠᠵᠤ ᠳᠤᠰᠤᠭᠰᠠᠨ ᠢ ᠨᠢ ᠪᠢᠳᠠ ᠬᠤᠶᠠᠷ ᠲᠤ ᠥᠭ᠍ᠴᠢᠭᠡᠵᠡᠢ ᠭᠦᠢ ︕

ᠠ ᠄ ᠰᠠᠢ᠌ᠨ ᠪᠣᠯᠤᠯ᠎ᠠ ︕ ᠶᠠᠪᠣᠶ᠎ᠠ ︕

ᠡ ᠄ ᠶᠠᠭᠤ ᠫᠠᠰ ᠫᠠᠰ ᠭᠡᠤᠨ ᠪᠠᠢ᠌ᠨ᠎ᠠ ᠠᠬ᠎ᠠ ᠡ ︖

ᠠ ᠄ ( ᠡᠮᠦᠨᠡᠰᠢ ᠵᠢᠭᠠᠨ᠎ᠠ ) ᠬᠤᠶᠠᠷ ᠭᠤᠷᠭᠤᠤᠯ ᠰᠡᠭᠦᠯ ᠶᠢᠡᠷ ᠶᠢᠡᠨ ᠴᠤᠯᠢᠭᠢᠷ ᠴᠤᠭᠢᠵᠤ ᠬᠤᠪᠢᠶᠠᠵᠤ ᠠᠪᠬᠤ ᠭᠡᠤᠨ ᠭᠡᠯᠡᠯᠴᠡᠭᠡᠨ ᠪᠣᠯᠵᠤ ᠪᠠᠢ᠌ᠨ᠎ᠠ᠃

ᠡ ᠄ ᠣᠳᠤ ᠶᠠᠭᠠᠭᠢᠵᠤ ᠬᠤᠪᠢᠶᠠᠨ᠎ᠠ ᠳ᠋ᠠ ︖

ᠠ ᠄ ( ᠬᠤᠪᠢᠶᠠᠵᠤ ᠪᠠᠢ᠌ᠬᠤ ᠭᠦᠳᠡᠯᠭᠡᠭᠡᠨ ᠭᠠᠷᠭᠠᠨ᠎ᠠ ) ᠪᠠᠰᠠ ᠳᠠᠯᠬᠠᠤᠨ ᠤᠨ ᠠᠶᠠᠭ᠎ᠠ ᠪᠠᠷ ᠳᠠᠯᠠ ᠳᠠᠯᠠ ᠂ ᠳᠠᠯᠠᠯᠭ᠎ᠠ ᠶᠢᠨ ᠰᠠᠭᠤᠯᠠᠭ᠎ᠠ ᠪᠠᠷ ᠳᠤᠯᠤᠭ᠎ᠠ ᠳᠤᠯᠤᠭ᠎ᠠ ᠬᠤᠪᠢᠶᠠᠭᠠᠤᠨ ᠥᠭ᠍ᠴᠢᠭᠡᠶ᠎ᠡ ︕

ᠡ ᠄ ᠭᠦᠢ ᠠᠬ᠎ᠠ ᠡ ᠂ ᠡᠨᠡ ᠬᠤᠶᠠᠷ ᠴᠢᠨᠢ ᠪᠠᠶᠠᠷᠯᠠᠭᠠᠤᠨ ᠪᠠᠢ᠌ᠳᠠᠰᠤᠨ ᠪᠠᠳᠠᠭᠠᠨ᠎ᠠ ᠠᠯᠠᠵᠤ ᠪᠢᠳᠠ ᠬᠤᠶᠠᠭᠤᠯᠠ ᠳᠤ ᠰᠢᠭᠦᠰᠤ ᠳᠠᠯᠪᠢᠴᠢᠬᠠᠯ᠎ᠠ ᠰᠢᠳᠠ ︕ (ᠢᠳᠡᠭᠦ ᠳᠦᠷᠢ ᠭᠠᠷᠭᠠᠨ᠎ᠠ)

ᠠ ᠄ (ᠢᠳᠡᠭᠦ ᠵᠢᠨ ᠳᠠᠭᠠᠤ) ᠰᠢᠷ᠎ᠠ ᠬᠠᠮᠠᠷ ᠲᠤ ᠪᠠᠨ ᠰᠠᠷᠢᠰᠤᠨ ᠥᠭᠡᠭᠦ ᠳᠠᠢ᠂ ᠰᠠᠯᠳᠠᠭᠠᠨ ᠳᠤ ᠪᠠᠨ ᠰᠠᠯᠠᠭ᠎ᠠ ᠥᠭᠡᠭᠦ ᠳᠠᠢ᠂ ᠰᠥᠪᠠᠭᠡᠨ ᠳᠤ ᠪᠠᠨ ᠰᠥᠭᠦᠮ ᠥᠭᠡᠭᠦ ᠲᠡᠶ ᠳ᠋ᠠ ︕

ᠡ ᠄ ᠢᠳᠡᠭᠡᠤᠨ ᠪᠠᠷᠠᠬᠤ ᠦᠭᠡᠶ ᠳ᠋ᠠ ᠭᠦᠢ ︕ ᠣᠳᠤ ᠳᠦᠷᠪᠡᠨ ᠦᠨᠳᠦᠷ ᠢ ᠨᠢ ᠡᠭᠦᠷᠦᠭᠡᠤᠨ ᠶᠠᠪᠣᠶ᠎ᠠ ︕ (ᠡᠭᠦᠷᠭᠦ ᠳᠦᠷᠢ ᠭᠠᠷᠭᠠᠵᠤ ᠪᠠᠬᠠᠨ ᠶᠠᠪᠣᠭᠠᠤᠨ)

ᠣᠳᠤ ᠡᠨᠡ ᠶᠢ ᠴᠢᠨᠢ ᠶᠠᠭᠠᠭᠢᠵᠤ ᠢᠳᠠᠶ᠎ᠠ ᠳ᠋ᠠ ︖

ᠠ ᠄ ᠪᠢ ᠳᠤᠯᠭ᠎ᠠ ᠳᠤᠭᠤᠭᠠᠨ ᠳᠤ ᠶᠠᠪᠣᠶ᠎ᠠ ︕ (ᠶᠠᠪᠣᠭᠠᠤᠨ ᠳᠠᠭᠢᠨ ᠪᠣᠴᠠᠨ᠎ᠠ)

ᠡ ᠄ (ᠭᠠᠷ ᠶᠢᠡᠨ ᠳᠡᠯᠭᠡᠵᠤ) ᠳᠤᠯᠭ᠎ᠠ ᠳᠤᠭᠤᠭ᠎ᠠ ᠴᠢᠨᠢ ︖

ᠠ ᠄ ᠢᠱᠢ ︕ ᠪᠢ ᠴᠢᠨᠢ ᠡᠵᠡᠭᠦᠢ ᠵᠣ᠊ ᠡᠷᠭᠢ ᠮᠠᠡᠭᠬ᠎ᠠ ᠪᠠᠷ ᠳᠤᠯᠭ᠎ᠠ ᠳᠤᠭᠤᠭ᠎ᠠ ᠡᠷᠢᠭᠡᠤᠨ ᠶᠠᠪᠣᠵᠤ ᠪᠠᠢ᠌ᠳᠠᠯ᠎ᠠ᠂ ᠳᠤᠯᠤᠭᠠᠨ ᠠᠷᠭᠠᠯ ᠵᠡᠷᠭᠡᠯᠡᠭᠡᠤᠨ ᠪᠠᠢ᠌ᠨ᠎ᠠ ᠳ᠋ᠠ ᠂ ᠳᠠᠪᠠᠭᠤ ᠳ᠋ᠠ ᠂ ᠣᠳᠤ ᠭᠠᠯ ᠨᠤᠴᠤᠭᠠᠠᠶ᠎ᠠ ᠳ᠋ᠠ ᠭᠡᠤᠨ ᠭᠡᠳᠡ ᠪᠠᠨ ᠬᠠᠪᠢᠷᠳᠠᠯ᠎ᠠ ᠴᠢᠨᠢ ᠨᠢᠰᠦᠭᠡᠤᠨ ᠶᠠᠪᠣᠴᠢᠬᠠᠯ᠎ᠠ ︕

ᠡ ᠄ ᠠᠷᠭᠠᠯ ᠶᠠᠭᠠᠭᠢᠵᠤ ᠨᠢᠰᠭᠦ ᠶᠤᠮ ᠪᠣᠢ ︖

ᠠ ᠄ ᠪᠢᠰᠢ ︕ ᠳᠤᠯᠤᠭᠠᠨ ᠭᠠᠯᠠᠭᠤ ᠪᠠᠢ᠌ᠵᠤ ᠰᠢᠤ ︕

ᠡ ᠄ ᠬᠠᠢ ︕ (ᠭᠠᠴᠢᠭᠳᠠᠨ᠎ᠠ) ᠪᠣᠯᠵᠠᠢ ᠂ ᠪᠣᠯᠵᠠᠢ ᠂ ᠳᠦᠭᠦᠭᠡᠢ ᠨᠣᠢ᠌ᠳᠠᠨ ᠶᠢᠡᠷ ᠨᠢ ᠢᠳᠠ ᠢᠳᠠ ︕ (ᠢᠳᠠᠵᠤ ᠪᠠᠷᠠᠭᠠᠤᠨ ᠣᠠᠳᠠᠨ᠎ᠠ ᠂ ᠭᠡᠨᠡᠦᠡᠳᠡ ᠰᠡᠷᠢᠭᠡᠤᠨ)

ᠠᠬ᠎ᠠ ᠡ ︕ ᠶᠠᠭᠤ ᠳᠦᠩ ᠳᠦᠩ ᠭᠡᠤᠨ ᠪᠠᠢ᠌ᠨ᠎ᠠ ᠪᠣᠢ ︖ ᠳᠡᠭ᠍ᠷᠢ ᠳᠤᠤᠭᠠᠷᠴᠤ ᠪᠠᠢ᠌ᠬᠤ ᠶᠤᠮ ᠦᠦ ︖ ᠳᠡᠷᠭᠡ ᠶᠠᠪᠣᠵᠤ ᠪᠠᠢ᠌ᠬᠤ ᠶᠤᠮ ᠦᠦ︖

ᠠ ᠄ ᠬᠠᠢ ︕ ᠮᠢᠨᠤ ᠬᠤᠶᠠᠷ ᠭᠤᠳᠤᠯ ᠭᠡᠷᠡᠯᠳᠦᠵᠤ ᠪᠠᠢ᠌ᠨ᠎ᠠ ᠂ ᠴᠢ ᠮᠢᠬ᠎ᠠ ᠢᠯᠡᠭᠦᠤ ᠢᠳᠠᠯ᠎ᠠ ᠂ ᠪᠢ ᠳᠤᠳᠠᠭᠤ ᠢᠳᠠᠯ᠎ᠠ ᠭᠡᠤᠨ ︕ ( ᠭᠤᠳᠤᠯ ᠶᠢᠡᠨ ᠳᠠᠢ᠌ᠯᠵᠤ ᠠᠯᠠᠭᠠᠳᠠᠬᠤ ᠳᠦᠷᠢ ᠭᠠᠷᠭᠠᠨ᠎ᠠ) ᠢᠯᠡᠭᠦᠤ ᠢᠳᠡᠭ᠍ᠰᠡᠨ ᠢ ᠨᠢ ᠬᠤᠶᠠᠷ ᠂ ᠳᠤᠳᠠᠭᠤ ᠢᠳᠡᠭ᠍ᠰᠡᠨ ᠢ ᠨᠢ ᠨᠢᠭᠡ ︕ (ᠭᠤᠳᠤᠯ ᠶᠢᠡᠨ ᠭᠦᠭᠡᠭᠡᠵᠤ ᠶᠠᠪᠣᠭᠤᠯᠤᠨ᠎ᠠ) ᠶᠠᠪᠣᠶ᠎ᠠ ︕

ᠡ ᠄ (ᠶᠠᠪᠣᠵᠤ ᠪᠠᠢ᠌ᠭᠠᠤᠨ) ᠠᠬ᠎ᠠ ᠡ ᠂ ᠳᠠᠠᠳᠠ ᠶᠠᠭᠤᠨ ᠤ ᠥᠢᠮᠡᠭᠡᠨ ᠪᠣᠯᠤᠭᠠᠤᠨ ᠪᠠᠢ᠌ᠨ᠎ᠠ ᠪᠣᠢ ︖ ᠬᠤᠷᠢᠮ ᠭᠢᠵᠤ ᠪᠠᠢ᠌ᠨ᠎ᠠ ᠦᠦ︖ ᠬᠤᠷᠠᠯ ᠭᠢᠵᠤ ᠪᠠᠢ᠌ᠨ᠎ᠠ ᠦᠦ︖

ᠠ ᠄ ᠳᠠᠷᠠ ᠭᠡᠨ ᠪᠣᠢ ︖ (ᠠᠵᠢᠭᠯᠠᠭᠠᠤᠨ) ᠮᠢᠨᠤ ᠭᠤᠳᠤᠯ ᠴᠢᠨᠢ ᠠᠢ᠌ᠯ ᠤᠨ ᠬᠤᠷᠢᠮ ᠡᠴᠡ ᠳᠠᠪᠠᠷᠢ ᠳᠦᠭᠦᠷᠡᠩ ᠮᠢᠬ᠎ᠠ ᠳᠡᠪᠠᠷᠢᠭᠡᠤᠨ ᠢᠷᠠᠯ᠎ᠠ ᠰᠢᠳᠠ ︕ ᠬᠠ ᠂ ᠬᠠ ᠂ ᠬᠠ ︕ (ᠭᠤᠳᠤᠯ ᠶᠢᠡᠨ ᠡᠮᠦᠰᠤᠨ᠎ᠡ )

ᠡ ᠄ ᠬᠠ ᠂ ᠬᠠ ᠂ ᠬᠠ ᠁ (ᠶᠠᠪᠣᠵᠤ ᠪᠠᠢ᠌ᠭᠠᠤᠨ) ᠥᠯᠦᠰᠦᠭᠡᠤᠨ ᠭᠡᠷᠡᠭ᠌ ᠡ ᠠᠬ᠎ᠠ ᠡ ︕ ᠪᠦᠳᠦᠭᠦᠨ ᠭᠡᠳᠡᠰᠤ ᠨᠢ ᠨᠠᠷᠢᠨ ᠭᠡᠳᠡᠰᠤ ᠪᠠᠨ ᠢᠳᠠᠵᠤ ᠪᠠᠢ᠌ᠨ᠎ᠠ ︕

ᠠ ᠄ ( ᠡᠮᠦᠨᠡᠰᠢ ᠵᠢᠭᠠᠭᠠᠤᠨ ) ᠳᠠᠷᠠ ᠰᠠᠢ᠌ᠬᠠᠨ ᠡᠭᠡᠨᠡᠷ ᠡᠴᠡ ᠠᠰᠠᠭᠤᠵᠤ ᠦᠵᠡᠶ᠎ᠠ ︕ ( ᠡ ᠵᠥᠭ᠌ ᠬᠠᠠᠳᠤᠵᠤ) ᠡᠭᠡᠴᠢ ᠠᠮᠤᠷ ᠦᠦ ︖

ᠡ ᠄ (ᠡᠭᠡᠨᠡᠷ ᠪᠣᠯᠵᠤ ᠳᠤᠭᠯᠠᠨ ᠮᠠᠰᠢ ᠨᠢᠯᠤᠭᠤᠨ ᠳᠠᠭᠤᠨ ᠶᠢᠡᠷ ) ᠠ ︕ ᠰᠠᠢ᠌ᠨ ︕

ᠠ ᠄ ᠳᠠ ᠶᠠᠭᠤ ᠭᠢᠵᠤ ᠪᠠᠢ᠌ᠨ᠎ᠠ ᠪᠣᠢ ︖

ᠡ ᠄ (ᠲᠤᠷᠤᠭᠰᠢ ᠵᠢᠭᠠᠵᠤ) ᠪᠢ ᠪᠦᠯᠡᠵᠡᠩ ᠶᠢᠡᠨ ᠬᠤᠤᠠᠳᠤᠭ ᠲᠤ ᠣᠨᠠᠭᠠᠴᠢᠬᠠᠯ᠎ᠠ ︕

ᠠ ᠄ ᠪᠢ ᠣᠷᠤᠭᠠᠤᠨ ᠠᠪᠣᠭᠠᠤᠨ ᠦᠭ‍ᠭᠦᠶ᠎ᠡ ︕ ( ᠦᠰᠦᠷᠤᠨ᠎ᠡ )

ᠡ ᠄ ᠠᠬ᠎ᠠ ᠡ ︕ ᠬᠤᠷᠳᠤᠨ ᠭᠠᠷᠴᠤ ᠢᠷ᠎ᠠ ︕ ᠦᠨᠦ ᠡᠭᠡᠨᠡᠷ ᠬᠤᠪᠴᠠᠰᠤ ᠶᠢ ᠴᠢᠨᠢ ᠠᠪᠣᠭᠠᠤᠨ ᠶᠠᠪᠣᠴᠢᠬᠠᠯ᠎ᠠ ︕

ᠠ ᠄ ᠡᠢ ︕ ᠣᠳᠤ ᠶᠠᠭᠠᠭᠢᠨ᠎ᠠ ︕ (ᠢᠴᠢᠭᠡᠤᠨ ᠨᠢᠭᠤᠷ ᠶᠢᠡᠨ ᠪᠦᠳᠡᠭᠡᠵᠤ ᠭᠠᠷ ᠵᠢᠡᠨ ᠵᠥᠷᠢᠭᠦᠯᠵᠤ ᠪᠠᠶ᠎ᠠ ᠪᠠᠨ ᠬᠠᠯᠬᠠᠯᠠᠨ᠎ᠠ ) ᠬᠤᠶᠠᠭᠤᠯᠠ ᠪᠠᠨ ᠠᠩᠬᠠᠨ ᠤ ᠬᠤᠷᠢᠮ ᠭᠢᠵᠤ ᠪᠠᠢ᠌ᠭᠰᠠᠨ ᠠᠢ᠌ᠯ ᠡᠴᠡ ᠬᠤᠪᠴᠠᠰᠤ ᠣᠯᠵᠤ ᠡᠮᠦᠰᠭᠦ ᠪᠠᠷ ᠶᠠᠪᠣᠶ᠎ᠠ ᠳ᠋ᠠ ︕

ᠡ ᠄ ᠮᠠᠢ ︕ ᠬᠤᠷᠳᠤᠨ ᠡᠮᠦᠰᠤ ︕ ( ᠬᠤᠪᠴᠠᠰᠤ ᠡᠮᠦᠰᠦᠭᠦᠯᠭᠦ ᠳᠦᠷᠢ ᠭᠠᠷᠭᠠᠨ᠎ᠠ ᠂ ᠭᠡᠨᠡᠦᠡᠳᠡ ᠵᠤᠭᠰᠤᠰᠭᠢᠵᠤ ) ᠳᠠᠷᠠ ᠴᠠᠪ ᠴᠠᠭᠠᠨ ᠶᠠᠭᠤ ᠪᠣᠢ ︖

ᠠ ᠄ ᠨᠢᠭᠡ ᠡᠪᠦᠭᠡᠨ ᠤ ᠰᠠᠬᠠᠯ ᠳᠡᠭᠡᠷ᠎ᠡ ᠨᠠᠭᠠᠯᠳᠤᠭᠰᠠᠨ ᠳᠤᠳᠤᠷᠭᠠᠨ ᠪᠣᠳᠠᠭ᠎ᠠ ᠪᠠᠢ᠌ᠨ᠎ᠠ ︕ ᠬᠤᠶᠠᠭᠤᠯᠠ ᠣᠷᠤᠵᠤ ᠦᠵᠡᠶ᠎ᠠ ᠂ ᠪᠣᠳᠠᠭ᠎ᠠ ᠨᠠᠭᠠᠯᠳᠤᠵᠤ ᠪᠣᠯᠤᠭᠠᠤᠨ ᠳᠡᠮᠡᠭᠡ ᠨᠠᠭᠠᠯᠳᠤᠵᠤ ᠪᠣᠯᠬᠤ ᠦᠭᠡᠶ ᠶᠠᠭᠠᠭᠢᠬᠤ ᠪᠣᠢ ︖

ᠡ ᠄ ( ᠰᠠᠬᠠᠯ ᠢ ᠬᠤᠶᠠᠷ ᠳᠠᠰᠢ ᠢᠷᠠᠵᠤ ᠶᠠᠪᠣᠭᠰᠠᠭᠠᠷ ᠡᠮᠦᠨᠡᠰᠢ ᠵᠢᠭᠠᠵᠤ) ᠡᠨᠡ ᠮᠦᠨ ᠦᠦ︖ ᠠᠬ᠎ᠠ ᠡ ︖

ᠠ ᠄ ᠠᠢ ︕ ᠶᠠᠭ ᠮᠦᠨ ︕ (ᠡᠮᠦᠨᠡᠰᠢ ᠵᠢᠭᠠᠵᠤ) ᠮᠢᠨᠤ ᠳᠡᠮᠡᠭᠡ ᠴᠢᠨᠢ ᠪᠠᠰᠠ ᠪᠣᠳᠤᠭᠤᠯᠠᠴᠢᠬᠠᠵᠠᠢ ᠡ ︕ ᠢᠩᠭᠡ ᠶᠢ ᠨᠢ ᠣᠨᠤᠭᠠᠤᠨ ᠪᠣᠳᠤᠭᠤ ᠶᠢ ᠨᠢ ᠳᠠᠪᠠᠷᠢᠶ᠎ᠠ ︕

ᠡ ᠄ ᠳᠠᠭᠠᠭᠠᠬᠤ ᠦᠭᠡᠶ ᠠᠬ᠎ᠠ ᠡ ︕ ᠪᠣᠳᠤᠭᠤ ᠶᠢ ᠨᠢ ᠣᠨᠤᠭᠠᠤᠨ ᠢᠩᠭᠡ ᠶᠢ ᠨᠢ ᠳᠠᠪᠠᠷᠢᠶ᠎ᠠ ︕ (ᠶᠠᠪᠣᠵᠤ ᠪᠠᠢ᠌ᠭᠠᠤᠨ) ᠣᠳᠤ ᠣᠮᠳᠠᠭᠠᠰᠤᠭᠠᠤᠨ ᠥᠭᠦᠯ᠎ᠡ ᠂ ᠰᠠᠷᠭᠢᠨᠠᠭ ᠬᠠᠳᠠᠴᠢᠬᠠᠯ᠎ᠠ ︕

ᠠ ᠄ ᠠᠢ᠌ᠯ ᠡᠴᠠ ᠬᠤᠤᠠᠳᠤᠭ ᠡᠷᠢᠶ᠎ᠡ ᠳ᠋ᠠ ︕ (ᠭᠦᠮᠤᠨ ᠲᠡᠶ ᠬᠠᠷᠭᠤᠭᠰᠠᠨ ᠪᠠᠢ᠌ᠳᠠᠯ ᠳᠠᠢ) ᠰᠠᠢ᠌ᠨ ᠦᠦ︖ ᠬᠤᠤᠠᠳᠤᠭ ᠪᠠᠢ᠌ᠨ᠎ᠠ ᠦᠦ︖

ᠡ ᠄ (ᠣᠠᠳᠤᠤ ᠭᠦᠮᠤᠨ ᠪᠣᠯᠵᠤ ᠳᠤᠭᠯᠠᠨ᠎ᠠ) ᠮᠠᠨ ᠤ ᠬᠤᠤᠠᠳᠤᠭ ᠰᠠᠯᠭᠢᠨ ᠳᠤ ᠭᠡᠢ᠌ᠰᠴᠢᠭᠡᠵᠡᠢ ᠡ ︕

ᠠ᠄ ᠭᠡᠢ᠌ᠰᠦᠭ᠍ᠰᠡᠨ ᠨᠢ ᠬᠠᠮᠢᠭ᠎ᠠ ᠪᠠᠢ᠌ᠨ᠎ᠠ ︖

ᠡ ᠄ (ᠬᠤᠯᠠ ᠶᠢ ᠵᠢᠭᠠᠭᠠᠤᠨ) ᠳᠠᠯᠠᠢ ᠵᠢᠨ ᠳᠡᠷᠳᠡᠭᠡ ᠪᠠᠢ᠌ᠨ᠎ᠠ ︕

ᠠ ᠄ ( ᠶᠠᠪᠣᠵᠤ ᠪᠠᠢ᠌ᠭᠠᠤᠨ ᠵᠤᠭᠰᠤᠵᠤ) ᠣᠤᠠᠬᠤᠭᠤᠷ ᠦᠭᠡᠶ ᠡ ︕ ᠵᠠ ᠂ ᠪᠣᠯᠵᠠᠢ ᠂ ᠪᠢ ᠭᠠᠪᠠᠯᠠ ᠪᠠᠷ ᠶᠢᠡᠨ ᠣᠤᠠᠬᠤᠭᠤᠷ ᠭᠢᠴᠢᠭᠡᠶ᠎ᠡ ︕ (ᠲᠤᠯᠤᠭᠠᠢ ᠪᠠᠨ ᠮᠤᠯᠳᠤᠯᠵᠤ ᠠᠪᠬᠤ ᠳᠦᠷᠢ ᠭᠠᠷᠭᠠᠨ᠎ᠠ)

ᠡ ᠄ ᠪᠢ ᠡᠪᠴᠢᠭᠦᠤ ᠪᠠᠷ ᠵᠢᠡᠨ ᠣᠩᠭ᠋ᠤᠴᠠ ᠭᠢᠴᠢᠭᠡᠶ᠎ᠡ ︕ ᠦᠯᠦᠨ ᠭᠡᠳᠡᠰᠤ ᠪᠠᠷ ᠵᠢᠡᠨ ᠣᠭᠤᠰᠤᠷᠯᠠᠴᠢᠬᠠᠶ᠎ᠠ ︕ ( ᠣᠰᠤ ᠳᠠᠳᠠᠨ᠎ᠠ)

ᠠ ᠄ (ᠣᠰᠤ ᠣᠤᠭᠤᠵᠤ ᠣᠤᠭᠤᠭᠠᠤᠨ) ᠪᠣᠳᠤᠭᠤ ᠢᠩᠭᠡ ᠬᠤᠶᠠᠷ ᠢ ᠪᠠᠰᠠ ᠣᠰᠤᠯᠠ ᠳ᠋ᠠ ︕

ᠡ ᠄ (ᠶᠠᠪᠣᠵᠤ ᠪᠠᠢ᠌ᠭᠠᠤᠨ ᠭᠡᠨᠡᠦᠡᠳᠡ ᠠ ᠪᠠᠨ ᠬᠠᠷᠠᠭᠠᠤᠨ) ᠠᠬ᠎ᠠ ᠡ ᠂ ᠳᠤᠯᠤᠭᠠᠢ ᠴᠢᠨᠢ ᠦᠭᠡᠶ ᠪᠣᠯᠴᠢᠬᠠᠵᠠᠢ ︕

ᠠ ᠄ ᠠᠢ ︕ ᠪᠠᠷᠤᠭ ᠬᠤᠤᠠᠳᠤᠭ ᠳᠡᠭᠡᠷ᠎ᠡ ᠮᠠᠷᠳᠠᠴᠢᠬᠠᠵᠠᠢ ︕ ᠶᠠᠪᠣᠶ᠎ᠠ ︕ (ᠲᠤᠷᠤᠭᠰᠢ ᠬᠠᠷᠠᠭᠠᠤᠨ) ᠭᠦᠢ ᠂ ᠨᠠᠷᠠᠨ ᠳᠠᠯ᠎ᠠ ᠨᠢ ᠨᠠᠮᠢᠯᠵᠠᠵᠤ ᠂ ᠰᠡᠭᠦᠳᠡᠷ ᠳᠠᠯ᠎ᠠ ᠨᠢ ᠭᠦᠯᠳᠡᠭᠡᠤᠨ ᠰᠥᠮᠡᠩ  ᠰᠥᠮᠡᠩ  ᠢᠨᠢᠶᠠᠵᠤ ᠪᠠᠢ᠌ᠨ᠎ᠠ ᠭᠦᠢ ︕

ᠡ ᠄ (ᠲᠤᠷᠤᠭᠰᠢ ᠬᠠᠷᠠᠵᠤ ᠥᠵᠡᠭᠡᠤᠨ) ᠠᠮᠠᠨ ᠳᠤ ᠨᠢ ᠠᠭᠠᠯᠵᠢ ᠡᠭᠦᠷᠯᠡᠭᠡᠤᠨ ᠂ ᠴᠢᠭᠢᠨ ᠳᠤ ᠨᠢ ᠴᠢᠪᠢᠯᠳᠤ ᠡᠭᠦᠷᠯᠡᠭᠡᠤᠨ ᠂ ᠨᠢᠳᠤᠨ ᠳᠤ ᠨᠢ ᠨᠢᠭᠦᠯᠳᠤ ᠡᠭᠦᠷᠯᠡᠭᠡᠤᠨ ᠠᠪᠬᠤ ᠵᠢᠨ ᠠᠷᠭ᠎ᠠ ᠦᠭᠡᠶ ᠯᠠᠢ ︕

ᠠ ᠄ ᠪᠣᠯᠵᠠᠢ ︕ ᠬᠠᠶᠠᠴᠢᠬ᠎ᠠ ︕ ᠰᠢᠪᠠᠷ ᠵᠢᠡᠷ ᠭᠢᠴᠢᠭᠡᠶ᠎ᠡ ︕ ( ᠭᠢᠵᠤ ᠪᠠᠷᠠᠭᠠᠤᠨ) ᠵᠠ ︕ ᠬᠣᠢ᠌ᠨ᠎ᠠ ᠪᠠᠨ ᠭᠤᠬ᠎ᠠ ᠲᠡᠶ᠂ ᠣᠷᠢᠳᠠᠢ ᠪᠠᠨ ᠣᠭ ᠲᠡᠶ ᠣᠴᠢᠷ ᠦᠭᠡᠶ ᠰᠠᠢ᠌ᠬᠠᠨ ᠳᠤᠯᠤᠭᠠᠢ ᠪᠣᠯᠵᠤ ᠪᠠ ︕ (ᠲᠤᠯᠤᠭᠠᠢ ᠪᠠᠨ ᠪᠠᠷᠢᠰᠭᠢᠵᠤ ᠡᠰᠢ ᠳᠠᠰᠢ ᠭᠦᠳᠡᠯᠭᠡᠵᠤ ᠭᠠᠢ᠌ᠬᠠᠭᠤᠯᠤᠨ᠎ᠠ)

ᠡ ᠄ (ᠪᠠᠬᠠᠷᠬᠠᠵᠤ ᠬᠠᠷᠠᠭᠠᠤᠨ ᠶᠠᠪᠣᠨ᠎ᠠ) ᠳᠠᠠᠳᠠ ᠳᠤᠯᠤᠭᠠᠨ ᠮᠤᠩᠭ᠋ᠤᠯ ᠭᠡᠷ ᠪᠠᠢ᠌ᠨ᠎ᠠ ︕

ᠠ ᠄ ᠠᠮᠠᠷᠠᠭᠠᠤᠨ ᠭᠠᠷᠤᠶ᠎ᠠ ᠳ᠋ᠠ ᠂ ᠶᠤᠤ ᠶᠤᠤ ︕

ᠡ ᠄ ᠠᠢ ︕ ᠨᠢᠰᠴᠢᠭᠡᠯ᠎ᠡ ᠰᠢᠳᠠ ︕

ᠠ ᠄ ᠬᠠᠢ ︕ ᠳᠤᠯᠤᠭᠠᠨ ᠴᠠᠭᠠᠨ ᠭᠠᠯᠠᠭᠤ ᠪᠠᠢ᠌ᠨ᠎ᠠ ᠰᠢᠳᠠ ︕ ᠭᠦᠢ ︕ ᠳᠡᠮᠡᠭᠡ ᠶᠢ ᠡᠭᠦᠷᠦᠭᠡᠤᠨ ᠶᠠᠪᠣᠴᠢᠬᠠᠯ᠎ᠠ ︕ ( ᠭᠠᠴᠢᠭᠳᠠᠨ᠎ᠠ )

ᠡ ᠄ ᠬᠤᠷᠳᠤᠨ ᠳᠠᠭᠤ ᠳ᠋ᠠ ︕ ᠳᠠᠭᠤ ︕ (ᠬᠠᠮᠳᠤᠪᠠᠷ ᠭᠦᠶᠤᠨ᠎ᠡ )

ᠠ ᠡ ᠄ ( ᠪᠣᠴᠠᠵᠤ ᠢᠷᠡᠭᠡᠤᠨ ᠶᠤᠰᠤᠯᠠᠨ᠎ᠠ ) ᠃


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠳᠠᠭᠢᠨᠢᠨᠠᠭᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 51917
ᠴᠠᠭ᠄ 2015 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ