ᠵᠤᠨ ᠤ ᠨᠤᠳᠤᠭ

ᠰᠦᠨ ᠴᠠᠭᠠᠨ ᠦᠷ ᠤᠨ ᠭᠡᠭᠡ

ᠰᠠᠢ᠌ᠬᠠᠨ ᠬᠠᠨ ᠤ ᠣᠷᠤᠢ ᠳᠤ ᠮᠠᠴᠤᠵᠤ ᠭᠠᠷᠤᠭᠠᠤᠨ  

ᠶᠡᠭᠡ ᠪᠠᠭᠠᠷᠢᠨ ᠤ ᠠᠭᠤᠯᠠ ᠣᠰᠤ ᠶᠢ ᠨᠢᠳᠤ ᠳᠦᠭᠦᠷᠡᠩ ᠣᠩᠰᠢᠨ᠎ᠠ

ᠳᠠᠨᠠᠨ ᠴᠠᠭᠠᠨ ᠮᠤᠩᠭ᠋ᠤᠯ ᠭᠡᠷ ᠡᠴᠡ

ᠰᠦ᠋ ᠲᠡᠶ ᠴᠠᠢ ᠶᠢᠨ ᠦᠨᠦᠷ ᠠᠩᠭᠢᠯᠤᠵᠤ  

ᠳᠡᠨᠢᠭᠦᠭᠡᠨ ᠰᠢᠨ᠎ᠠ ᠨᠢᠭᠡᠨ ᠡᠳᠦᠷ ᠢᠩᠭᠢᠭᠡᠳ ᠡᠭᠢᠯᠡᠨ᠎ᠡ


ᠴᠡᠪᠠᠷ ᠢᠴᠡᠮᠡᠳᠡᠭᠡᠢ ᠳᠠᠯ᠎ᠠ ᠶᠢᠨ ᠵᠢᠪᠠᠷ  

ᠴᠡᠴᠡᠭᠡᠰ ᠲᠤ ᠬᠤᠷᠭᠤᠭᠠᠳᠠᠨ ᠡᠷᠭᠢᠴᠡᠨ

26 ᠭᠷᠠᠳᠦ᠋ᠰ ᠤᠨ ᠨᠠᠷᠠᠨ ᠤ ᠭᠡᠷᠡᠯ ᠢ ᠪᠠᠯᠭᠤᠨ ᠪᠠᠯᠭᠤᠠᠭᠰᠠᠭᠠᠷ

ᠮᠤᠳᠤᠨ ᠰᠡᠭᠦᠳᠡᠷ ᠲᠤ ᠰᠤᠭᠳᠤᠵᠤ ᠣᠨᠠᠨ᠎ᠠ

ᠮᠤᠷᠤᠢ ᠰᠡᠭᠦᠳᠡᠷ ᠠᠰᠬᠠᠨ ᠪᠣᠯᠳᠠᠯ᠎ᠠ

ᠡᠯᠡᠰᠤᠨ ᠳᠡᠭᠡᠷ᠎ᠡ ᠡᠯᠢᠭᠡᠳᠡᠵᠤ ᠨᠣᠢ᠌ᠷᠰᠤᠨ᠎ᠠ


ᠠᠶᠠᠷᠬᠠᠨ ᠨᠡᠭᠦᠳᠡᠯᠯᠡᠭᠦ ᠴᠠᠭᠠᠨ ᠡᠭᠦᠯᠡ

ᠪᠦᠷᠦᠭ᠍ᠭᠡᠨ ᠰᠡᠷᠢᠭᠦᠨ ᠰᠡᠭᠦᠳᠡᠷ ᠶᠢᠡᠷ ᠶᠢᠡᠨ

ᠪᠦᠷᠢᠳᠤ ᠨᠠᠭᠤᠷ ᠠᠭᠤᠯᠠ ᠳᠠᠯ᠎ᠠ ᠮᠠᠯ ᠰᠦᠷᠦᠭ᠌ ᠢ

ᠬᠠᠢ᠌ᠷᠠᠯᠠᠨ ᠬᠠᠢ᠌ᠷᠠᠯᠠᠨ ᠢᠯᠪᠢᠵᠤ

ᠬᠤᠷ᠎ᠠ ᠪᠣᠯᠵᠤ ᠳᠡᠭᠡᠷ᠎ᠡ ᠴᠢᠨᠢ ᠢᠷᠠᠨ᠎ᠠ ᠭᠡᠵᠤ

ᠰᠡᠮᠭᠡᠨ ᠰᠢᠪᠠᠨᠡᠭᠡᠳ ᠥᠩᠭᠡᠷᠡᠨ᠎ᠡ


ᠤᠯᠡᠪᠢᠷ ᠰᠢᠷ᠎ᠠ ᠪᠦᠷᠦᠢ ᠶᠢᠨ ᠳᠤᠶᠠᠭ᠎ᠠ

ᠣᠷᠳᠤ ᠶᠢᠨ ᠳᠠᠭᠤᠨ ᠤ ᠣᠶᠠᠷᠠᠭᠤᠨ ᠡᠭᠡᠰᠢᠭ᠌ ᠶᠢᠡᠷ

ᠳᠡᠭ᠍ᠷᠢ ᠶᠢᠨ ᠬᠠᠶᠠᠭᠠᠨ ᠳᠤ ᠠᠭᠤᠰᠬᠤ ᠶᠢᠨ ᠊ᠭ᠍ᠱᠡᠨ

ᠬᠠᠮᠤᠭ ᠡᠴᠦᠰ ᠤᠨ ᠵᠢᠷᠦᠭᠡᠨ ᠭᠡᠷᠡᠯ ᠶᠢᠡᠷ ᠶᠢᠡᠨ

ᠣᠯᠠᠨ ᠣᠳᠤᠳ ᠢ ᠵᠤᠷᠠᠵᠤ ᠠᠰᠠᠭᠠᠨ᠎ᠠ


ᠠᠶᠠᠷᠬᠠᠨ ᠮᠠᠠᠳᠤᠭᠰᠠᠨ ᠮᠥᠩᠭᠦᠨ ᠰᠠᠷᠠ

ᠠᠷᠢᠭᠤᠨ ᠬᠠᠢ᠌ᠷ᠎ᠠ ᠶᠢᠨ ᠪᠦᠷᠦᠭ᠍ᠭᠡᠨ ᠮᠦᠷᠦᠭᠡᠳᠦᠯ ᠶᠢᠡᠨ

ᠦᠳᠡᠰᠢ ᠶᠢᠨ ᠰᠢᠭᠦᠳᠡᠷᠢ ᠬᠤᠪᠢᠯᠭᠠᠵᠤ  

ᠰᠠᠪ ᠰᠡᠮᠡᠷᠭᠡᠨ ᠶᠢᠡᠷ

ᠴᠡᠴᠡᠭ᠌ ᠤᠨ ᠭᠡᠯᠳᠡᠰ᠂ ᠡᠪᠠᠰᠤᠨ ᠤ ᠥᠵᠦᠭᠦᠷ ᠲᠤ

ᠦᠨᠡᠨ ᠰᠡᠳᠭᠢᠯ ᠤᠨ ᠭᠡᠷᠡᠴᠢ ᠪᠣᠯᠭᠠᠨ ᠰᠠᠴᠤᠨ᠎ᠠ ᠡ᠃


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠬᠠᠷᠢᠶ᠎ᠠ᠄ ᠰᠢᠯᠦᠭ
ᠳᠠᠷᠤᠮ᠄ 2148
ᠴᠠᠭ᠄ 2011 ᠤᠨ ᠤ 11 ᠰᠠᠷ᠎ᠠ ᠶᠢᠨ 27