ᠭᠠᠩ ᠵᠢᠯ

ᠪᠣᠷᠤᠭᠠᠨ ᠣᠷᠤᠯ᠎ᠠ ᠭᠡᠵᠤ

ᠵᠡᠭᠦᠳᠦᠯᠡᠨ᠎ᠡ ᠪᠢᠯᠠ

ᠪᠣᠷᠬᠠᠨ ᠨᠢᠳᠤ ᠪᠠᠨ ᠵᠠᠪᠰᠠᠷᠯᠠᠵᠤ

ᠨᠢᠯᠪᠣᠰᠤ ᠣᠨᠠᠭᠠᠭᠰᠠᠭᠠᠷ

ᠪᠣᠷᠤᠭᠤ ᠬᠠᠷᠠᠵᠤ ᠭᠤᠷᠪᠠ ᠨᠠᠢ᠌ᠳᠠᠯᠭᠠᠭᠰᠠᠭᠠᠷ

ᠪᠣᠷᠤᠭ᠎ᠠ ᠣᠷᠤᠴᠢᠬᠠᠨ᠎ᠠ ᠭᠡᠵᠤ

ᠵᠡᠭᠦᠳᠦᠯᠡᠨ᠎ᠡ ᠪᠢᠯᠠ

ᠵᠡᠭᠦᠳᠤᠨ ᠡᠴᠡ ᠪᠣᠷᠤᠭ᠎ᠠ ᠣᠷᠤᠨ᠎ᠠ

ᠭᠠᠩ ᠵᠢᠯ ᠤᠨ ᠪᠣᠷᠤᠭᠠᠨ

ᠦᠶᠡᠷ ᠶᠢᠡᠨ ᠣᠷᠤᠯᠳᠤᠵᠤ ᠴᠢᠤᠠᠬᠤᠪᠠᠯ

ᠭᠠᠩ ᠳᠠᠢ᠌ᠯᠴᠢᠬᠠᠨ᠎ᠠ

ᠭᠠᠩ ᠳᠠᠢ᠌ᠯᠴᠢᠬᠠᠪᠠᠯ

ᠭᠠᠵᠠᠷ ᠣᠰᠤᠨ ᠡᠯᠢᠭᠡ ᠪᠠᠨ ᠳᠡᠯᠭᠡᠨ᠎ᠡ ᠭᠡᠨ᠎ᠡ

ᠪᠣᠷᠤᠭ᠎ᠠ ᠣᠷᠤᠬᠤ ᠪᠣᠯ

ᠭᠤᠶᠤᠵᠤ ᠣᠯᠤᠭᠰᠠᠨ ᠮᠠᠨᠢ ᠶᠢᠨ ᠵᠢᠷᠭᠤᠭᠠᠨ ᠥᠰᠦᠭ᠌

ᠥᠢᠯᠡᠳᠦᠭ᠍ᠰᠡᠨ ᠪᠣᠶᠠᠨ ᠤ ᠶᠡᠭᠡ ᠵᠢᠪᠬᠤᠯᠠᠩ

ᠵᠡᠭᠦᠳᠤᠨ ᠪᠣᠷᠤᠭ᠎ᠠ ᠵᠢᠷᠦᠭᠡ ᠪᠠᠷ ᠯᠤᠭᠰᠢᠵᠤ ᠣᠷᠤᠨ᠎ᠠ ᠭᠡᠨ᠎ᠡ

ᠭᠠᠩ ᠵᠢᠯ ᠤᠨ ᠪᠣᠷᠤᠭᠠᠨ ᠵᠢᠠᠷ

ᠣᠷᠭᠤᠮᠠᠯ ᠴᠢᠭᠢ ᠪᠠᠷᠢᠵᠤ

ᠣᠠᠳᠠᠭᠰᠠᠨ ᠡᠴᠡ ᠪᠠᠨ ᠰᠤᠴᠢᠬᠤ ᠶᠤᠮ ᠰᠢᠭ ᠰᠡᠷᠢᠳᠡᠭ᠌ ᠭᠡᠨ᠎ᠡ

ᠪᠢ ᠭᠦᠷᠵᠡ ᠪᠠᠷᠢᠵᠤ

ᠪᠣᠷᠤᠭ᠎ᠠ ᠳᠠᠷᠢᠬᠤ ᠪᠠᠷ ᠡᠷᠳᠡᠯᠡᠵᠤ ᠭᠠᠷᠳᠠᠭ ᠪᠢᠯᠠ

ᠮᠤᠳᠤ ᠣᠷᠭᠤᠳᠠᠭ ᠭᠡᠨ᠎ᠡ

ᠵᠠᠮ ᠣᠷᠭᠤᠳᠠᠭ ᠭᠡᠨ᠎ᠡ

ᠵᠤᠭ᠎ᠠ ᠳᠡᠭᠦᠳᠡᠭ᠌ ᠭᠡᠨ᠎ᠡ

ᠵᠢᠷᠤᠬ᠎ᠠ ᠪᠠᠨ ᠳᠠᠭᠠᠵᠤ

ᠵᠤᠨ ᠪᠦᠷᠢ ᠨᠢ ᠭᠠᠯ ᠢᠳᠠ ᠰᠢᠭ᠌

ᠭᠠᠩᠳᠠᠨ᠎ᠠ ᠭᠡᠤᠨ ᠪᠣᠯᠬᠤ ᠦᠭᠡᠶ ᠭᠡᠨ᠎ᠡ

ᠵᠢᠷᠤᠭ ᠶᠢᠡᠨ ᠳᠠᠭᠤᠷᠢᠶᠠᠵᠤ

ᠳᠠᠳᠠᠮᠠᠯ ᠭᠤᠤᠯ ᠨᠢ ᠬᠠᠳᠠᠮᠠᠯ ᠭᠤᠤᠯ ᠰᠢᠭ

ᠰᠢᠷᠭᠢᠨ᠎ᠠ ᠭᠡᠤᠨ ᠪᠣᠯᠬᠤ ᠦᠭᠡᠶ ᠪᠢᠯᠠ


《ᠭᠠᠴᠢᠭᠠᠨ ᠤ ᠵᠤᠭᠤᠷᠢᠨ》ᠭᠡᠮᠡᠭᠦ ᠳᠦᠷᠢᠶᠠᠰᠤᠨ ᠭᠦᠮᠦᠷᠭᠡᠨ᠎ᠡ

2007 ᠣᠨ ᠤ 12 ᠰᠠᠷ᠎ᠠ ᠶᠢᠨ 08 ᠨ᠎ᠠ

ᠵᠤᠬᠢᠶᠠᠭᠴᠢ᠄ ᠳᠡᠯᠡᠩᠭᠦᠳ·ᠴᠠᠭᠠᠠᠮᠦᠷ
ᠢᠷᠡᠯᠲᠡ᠄ ᠳᠡᠯᠡᠩᠭᠦᠤᠨ·ᠴᠠᠭᠠᠠᠮᠦᠷ
ᠬᠠᠷᠢᠶ᠎ᠠ᠄ ᠰᠢᠯᠦᠭ
ᠳᠠᠷᠤᠮ᠄ 5563
ᠴᠠᠭ᠄ 2008 ᠤᠨ ᠤ 01 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁