ᠨᠤᠬᠠᠢ ᠵᠢᠯ

ᠡᠵᠡᠨ ᠳ᠋ᠡᠭᠡᠨ

ᠡᠷᠭᠡᠯᠡᠵᠤ ᠢᠷᠡᠭᠦ

ᠡᠭᠡᠯ ᠬᠠᠪᠣᠷ ᠨᠤᠬᠠᠢ ᠵᠢᠯ

ᠡᠷᠳᠡᠭ᠍ᠰᠡᠳ ᠢ ᠵᠠᠨᠤᠵᠤ ᠵᠠᠭᠤᠬᠤ

ᠡᠪᠦᠯ ᠤᠨ ᠰᠢᠭᠤᠷᠭ᠎ᠠ ᠨᠤᠬᠠᠢ ᠵᠢᠯ

ᠡᠯᠡ ᠭᠦᠭᠡ ᠱᠠᠯᠠ ᠪᠠᠷ

ᠡᠴᠢᠳᠡᠯ᠎ᠡ ᠨᠥᠭ᠍ᠰᠢᠭᠦ

ᠡᠷᠢᠯ ᠬᠠᠢ᠌ᠯᠳᠠ ᠨᠤᠬᠠᠢ ᠵᠢᠯ

ᠡᠭᠡ ᠣᠯᠤᠰ ᠤᠨ ᠭᠢᠯᠢ ᠵᠢᠨ

ᠡᠷ᠎ᠡ ᠴᠡᠷᠢᠭ᠌ ᠨᠤᠬᠠᠢ ᠵᠢᠯ

ᠬᠤᠯᠠ ᠶᠢᠨ ᠬᠤᠯᠠ ᠳᠤ ᠰᠤᠨᠤᠷ ᠰᠡᠷᠭᠡᠭ᠌

ᠬᠤᠷᠴᠠ ᠣᠬᠠᠭᠠᠨ ᠨᠤᠬᠠᠢ ᠵᠢᠯ

ᠬᠤᠳᠠ ᠬᠤᠨᠢᠨ ᠳᠠᠭᠠᠨ ᠰᠢᠯᠤᠭᠤᠨ ᠱᠠᠯᠠᠮᠠᠭᠠᠢ

ᠬᠠᠷᠠᠭᠤᠯ ᠮᠠᠨᠠᠭ᠎ᠠ ᠨᠤᠬᠠᠢ ᠵᠢᠯ

ᠡᠷᠢᠶᠡᠨ ᠴᠤᠬᠤᠷ ᠬᠤᠷᠸ᠎ᠠ ᠳᠤ

ᠥᠵᠡᠰᠭᠦᠯᠡᠩ ᠨᠢᠭᠡ ᠨᠡᠮᠡᠭᠦ ᠨᠤᠬᠠᠢ ᠵᠢᠯ

ᠡᠷᠭᠡ ᠵᠡᠷᠭᠡᠳᠡᠨ ᠤ ᠮᠤᠳᠤᠷ ᠲᠤ

ᠪᠠᠯᠡᠭ᠌ ᠨᠢᠭᠡ ᠪᠠᠷᠢᠬᠤ ᠨᠤᠬᠠᠢ ᠵᠢᠯ

ᠬᠤᠤᠷᠳᠤ ᠮᠠᠭᠤ ᠡᠳ᠋ ᠢ ᠦᠨᠦᠷᠯᠠᠵᠤ ᠮᠡᠳᠡᠭᠦ

ᠬᠠᠤᠯᠢᠴᠢ ᠴᠠᠭᠳᠠᠭ᠎ᠠ ᠨᠤᠬᠠᠢ ᠵᠢᠯ

ᠬᠤᠭᠤᠯᠠᠨ ᠤ ᠮᠠᠭᠤ ᠪᠦᠭᠦᠨ ᠊ᠢ

ᠢᠯᠭᠠᠯ ᠦᠭᠡᠶ ᠢᠳᠠᠵᠤ ᠶᠠᠪᠣᠬᠤ

ᠬᠤᠯᠠ ᠴᠤᠪᠣᠷᠠᠭᠰᠠᠨ ᠭᠣᠢ᠌ᠷᠠᠠᠴᠢ ᠨᠤᠬᠠᠢ ᠵᠢᠯ

ᠶᠠᠯ᠎ᠠ ᠪᠠᠷ ᠪᠠᠷᠢᠵᠤ ᠬᠠᠯᠠ ᠪᠠᠷ ᠭᠢᠡᠵᠢᠯᠡᠭ᠍ᠰᠡᠨ

ᠶᠠᠪᠠᠭᠠᠨ ᠬᠤᠯᠠᠭᠠᠢ᠌ᠴᠢ ᠶᠢᠨ ᠬᠤᠷᠢᠭᠳᠠᠯ ᠨᠤᠬᠠᠢ ᠵᠢᠯ

ᠶᠠᠩᠪᠠᠳᠠᠨ ᠢ ᠳᠠᠭᠠᠵᠤ ᠴᠢᠯᠠᠭᠤ ᠳᠤᠯᠢᠶᠠᠭᠰᠠᠨ

ᠶᠠᠯ᠎ᠠ ᠦᠭᠡᠶ ᠭᠦᠮᠤᠨ ᠤ ᠬᠤᠭᠢ ᠨᠤᠬᠠᠢ ᠵᠢᠯ

ᠵᠢᠮᠢᠰ ᠶᠢᠡᠨ ᠰᠤᠯᠢᠵᠤ

ᠵᠢᠯᠵᠢᠨ ᠨᠤᠭᠤᠭᠠᠷᠠᠬᠤ

ᠵᠤᠨ ᠨᠤᠳᠤᠭ ᠤᠨ ᠬᠠᠶᠠᠭ᠎ᠠ ᠨᠤᠬᠠᠢ ᠵᠢᠯ

ᠵᠢᠭᠦᠷ ᠶᠢᠡᠨ ᠳᠡᠯᠭᠡᠵᠤ

ᠵᠢᠷᠭᠠᠯ ᠮᠢᠯᠢᠶᠠᠬᠤ

ᠵᠦᠩᠨᠠᠯᠳᠤ ᠭᠦᠭᠦᠭᠡ ᠶᠢᠨ ᠳᠠᠭᠤ ᠨᠤᠬᠠᠢ ᠵᠢᠯ

ᠨᠠᠪᠴᠢ ᠪᠠᠨ ᠪᠣᠳᠠᠷᠠᠭᠠᠵᠤ

ᠨᠠᠭᠤᠷ ᠶᠢᠡᠨ ᠥᠨᠢᠷᠯᠡᠭᠦᠯᠭᠦ

ᠨᠠᠯᠠᠭᠠᠷ ᠬᠤᠩᠭ᠋ᠤᠷ ᠨᠠᠮᠤᠷ ᠨᠤᠬᠠᠢ ᠵᠢᠯ

ᠨᠠᠰᠤᠳᠠᠨ ᠶᠢᠡᠨ ᠪᠠᠶᠠᠰᠬᠠᠵᠤ

ᠨᠠᠷᠠᠨ ᠵᠥᠭ᠌ ᠲᠤ ᠳᠡᠮᠡᠦᠯᠡᠭᠦ

ᠨᠠᠮ ᠤᠨ ᠵᠠᠯᠠᠭᠤ ᠦᠷᠡᠰ ᠨᠤᠬᠠᠢ ᠵᠢᠯ ᠃

ᠵᠤᠬᠢᠶᠠᠭᠴᠢ᠄ ᠤᠯᠠᠭᠠᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1479
ᠴᠠᠭ᠄ 2007 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁