ᠮᠥᠭ᠍ᠳᠡᠨ ᠤ ᠡᠪᠦᠯ

ᠶᠡᠭᠡ ᠳᠠᠯᠠᠢ ᠪᠠᠨ ᠰᠠᠨᠠᠵᠤ

ᠣᠳᠤᠳ ᠨᠢ ᠳᠠᠩᠳᠠ ᠪᠠᠨ ᠵᠡᠭᠦᠡᠰᠢ ᠪᠠᠨ ᠠᠨᠢᠪᠴᠢᠨ᠎ᠡ

ᠶ‍ᠢᠰᠤᠨ ᠰᠠᠷ᠎ᠠ ᠪᠠᠨ ᠮᠦᠷᠦᠭᠡᠳᠴᠤ

ᠮᠤᠳᠤᠳ ᠨᠢ ᠪᠠᠰᠠ ᠣᠷᠢᠳᠤ ᠵᠥᠭ᠌ ᠢ ᠪᠠᠷᠠᠯᠠᠨ᠎ᠠ

ᠢᠰᠡᠭᠡᠢ ᠭᠡᠷ ᠶᠢᠡᠨ ᠰᠠᠨᠠᠵᠤ

ᠨᠠᠳᠠ ᠰᠢᠭ ᠥᠡᠳᠦᠷᠯᠢᠭ᠌ ᠶᠢᠡᠨ ᠰᠠᠷᠠᠪᠴᠢᠯᠠᠬᠤ ᠨᠢ ᠥᠭᠡᠢ

ᠬᠤᠠᠳᠠᠭ᠎ᠠ ᠲᠡᠶ ᠰᠠᠷᠬᠤᠤᠨ ᠲᠤ ᠭᠦᠪᠭᠦ ᠰᠠᠷᠠ ᠨᠢ ᠭᠦᠷᠳᠡᠯ᠎ᠡ ᠭᠦᠪ ᠭᠦᠢᠳᠡᠨ

ᠬᠠᠶᠠᠭ᠎ᠠ ᠪᠠᠨ ᠰᠢᠭᠤᠵᠤ ᠨᠠᠷᠠᠨ ᠡᠷᠭᠦᠭᠦ ᠦᠷᠯᠦᠭᠡ ᠨᠢ ᠭᠦᠷᠳᠡᠯ᠎ᠡ ᠵᠢᠪ ᠵᠢᠭᠡᠭᠦᠨ


ᠮᠥᠭ᠍ᠳᠡᠨ ᠤ ᠡᠪᠦᠯ

ᠴᠠᠰᠤ ᠨᠢ ᠬᠠᠩᠵᠠᠷᠠᠵᠤ ᠰᠢᠪᠠᠭᠤᠳ ᠨᠢ ᠢᠷᠡᠭᠡ ᠥᠭᠡᠢ

ᠬᠠᠪᠣᠷ ᠡᠴᠡ ᠢᠯᠡᠭᠦᠤ ᠣᠢ᠌ᠳᠠᠢ

ᠮᠥᠭ᠍ᠳᠡᠨ ᠤ ᠡᠪᠦᠯ

ᠨᠠᠪᠴᠢ ᠪᠠᠨ ᠭᠦᠪᠢᠵᠤ ᠨᠠᠷᠠ ᠪᠠᠨ ᠭᠦᠳᠦᠯᠵᠤ ᠣᠳᠤᠭᠰᠠᠨ

ᠨᠠᠮᠤᠷ ᠡᠴᠡ ᠢᠯᠡᠭᠦᠤ ᠣᠶᠠᠷᠠᠯᠳᠠᠢ


ᠮᠤᠩᠭ᠋ᠤᠯ ᠭᠡᠷ ᠤᠨ ᠭᠠᠳᠠᠨ᠎ᠠ ᠬᠤᠳᠠᠯᠠᠭᠰᠠᠨ ᠬᠤᠨᠢᠳ ᠢᠷᠠᠭᠯᠠᠨ᠎ᠠ

ᠡ᠊ᠨᠳᠡ ᠡᠴᠡ ᠪᠢ ᠰᠤᠨᠤᠰᠤᠭ᠎ᠠ ᠥᠭᠡᠢ

ᠮᠤᠷᠢᠨ ᠰᠠᠢ᠌ᠪᠣᠷ ᠵᠡᠷᠭᠡᠯᠭᠡ ᠨᠠᠷᠠ ᠲᠡᠶ ᠪᠠᠨ ᠳᠤᠭᠯᠠᠨ ᠰᠠᠷᠢᠨ᠎ᠠ

ᠡ᠊ᠨᠳᠡ ᠡᠴᠡ ᠪᠢ ᠬᠠᠷᠠᠭ᠎ᠠ ᠥᠭᠡᠢ

ᠰᠤᠭᠤᠨᠠᠭᠯᠠᠬᠤ ᠴᠡᠩᠭᠡᠷ ᠣᠳᠤᠭ᠎ᠠ ᠡᠴᠡ ᠨᠢ ᠰᠦ᠋ ᠲᠡᠶ ᠴᠠᠢ ᠠᠮᠳᠠᠯᠠᠭᠳᠠᠨ᠎ᠠ

ᠡ᠊ᠨᠳᠡ ᠡᠴᠡ ᠪᠢ ᠠᠮᠰᠠᠭ᠎ᠠ ᠥᠭᠡᠢ

ᠰᠤᠷ ᠤᠨ ᠪᠣᠭᠣᠢ᠌ᠯᠢ ᠡᠭᠦᠯᠡᠰ ᠡᠴᠡ ᠨᠢ ᠴᠠᠰᠤᠨ ᠤ ᠳᠤᠭᠤᠰᠤ ᠮᠡᠳᠡᠷᠡᠭ᠍ᠳᠡᠨ᠎ᠡ

ᠡ᠊ᠨᠳᠡ ᠡᠴᠡ ᠪᠢ ᠥᠨᠦᠷᠳᠦᠭᠡ ᠥᠭᠡᠢ


ᠨᠤᠳᠤᠭ ᠤᠨ ᠠᠭᠤᠯᠠᠰ ᠢ ᠢᠯᠪᠢᠭ᠍ᠰᠡᠨ ᠣᠩᠭ᠋ᠤᠨ ᠴᠠᠭᠠᠨ ᠰᠠᠯᠭᠢᠨ

ᠮᠥᠭ᠍ᠳᠡᠨ ᠤ ᠠᠭᠠᠷ ᠲᠤ ᠪᠠᠭᠤᠳᠠᠭ ᠴᠤ ᠪᠣᠯᠤᠭᠠᠰᠠᠢ

ᠰᠢᠯᠦᠭ᠌ ᠤᠨ ᠣᠩᠭ᠋ᠤᠳ ᠭᠦᠷᠳᠡᠶ᠎ᠡ

ᠨᠤᠳᠤᠭ ᠤᠨ ᠳᠡᠭ᠍ᠷᠢ ᠶᠢ ᠵᠤᠷᠢᠬᠤ ᠣᠷᠢᠨ ᠴᠠᠭ ᠤᠨ ᠰᠢᠪᠠᠭᠤᠳ

ᠮᠥᠭ᠍ᠳᠡᠨ ᠤ ᠳᠡᠭ᠍ᠷᠢ ᠶᠢ ᠳᠠᠭᠠᠷᠢᠬᠤ ᠴᠤ ᠪᠣᠯᠤᠭᠠᠰᠠᠢ

ᠨᠢᠯᠪᠣᠰᠤ ᠪᠠᠨ ᠳᠠᠢ᠌ᠵᠤ ᠶᠠᠪᠣᠭᠤᠯᠤᠶ᠎ᠠ


ᠫᠦ᠋ ᠡᡁᠧ ᠭᠤᠤᠯ ᠤᠨ ᠡᠷᠭᠢᠨ ᠳᠡᠭᠡᠷ᠎ᠡ ᠳᠡᠯᠭᠡᠷᠡᠭᠡ ᠥᠭᠡᠢ

ᠦᠴᠢᠨᠠᠨ ᠵᠤᠨ ᠤ ᠴᠡᠴᠡᠭ᠌ ᠢ

ᠫᠣᠤᠵᠢᠩ ᠤᠨ ᠳᠠᠭᠤᠨ ᠳᠤ ᠮᠠᠷᠳᠠᠵᠤ

ᠡᠪᠦᠯ ᠤᠨ ᠴᠠᠰᠤ ᠣᠨᠠᠨ᠎ᠠ

ᠭᠦᠤ ᠡᠴᠢᠭᠡ ᠬᠤᠶᠠᠷ ᠢ ᠬᠠᠭᠠᠴᠠᠭᠠᠭᠰᠠᠨ

ᠬᠤᠸᠠᠩ ᠭᠦ᠋ ᠳᠤᠢᠨ ᠤ ᠰᠠᠯᠭᠢ ᠵᠢ

ᠬᠤᠨᠤᠭ ᠤᠨ ᠳᠠᠳᠤᠢ ᠳᠤ ᠰᠠᠨᠠᠵᠤ

ᠬᠤᠷᠮᠤᠢ ᠡᠮᠵᠢᠨ ᠣᠨᠠᠨ᠎ᠠ


ᠮᠥᠭ᠍ᠳᠡᠨ ᠤ ᠡᠪᠦᠯ ᠵᠢᠠᠷ

ᠰᠡᠳᠭᠢᠯ ᠨᠢᠭᠡ ᠯᠠ ᠡᠵᠡᠭᠦᠢᠷᠡᠭᠡᠳ

ᠰᠡᠮᠡᠷᠡᠭᠡᠳ

ᠴᠠᠰᠤ ᠰᠢᠭ ᠣᠨᠠᠴᠢᠬᠠᠮᠠᠷ᠂

ᠮᠥᠭ᠍ᠳᠡᠨ ᠤ ᠡᠪᠦᠯ ᠵᠢᠠᠷ

ᠰᠡᠳᠭᠢᠯ ᠨᠢᠭᠡ ᠯᠠ ᠬᠤᠭᠤᠰᠤᠳᠠᠭᠠᠤᠨ

ᠰᠡᠩᠰᠡᠷᠡᠭᠡᠳ

ᠰᠠᠯᠭᠢ ᠰᠢᠭ ᠭᠡᠢ᠌ᠰᠴᠢᠭᠡᠮᠡᠷ


ᠮᠥᠭ᠍ᠳᠡᠨ ᠤ ᠡᠪᠦᠯ

ᠮᠦᠷᠠᠨ ᠭᠤᠤᠯ ᠤᠨ ᠣᠰᠤᠨ ᠮᠠᠳᠤ ᠣᠷᠤᠰᠴᠤ ᠪᠠᠷᠠᠳᠠᠭ ᠦᠭᠡᠶ ᠣᠷᠳᠤ

ᠮᠥᠭ᠍ᠳᠡᠨ ᠤ ᠡᠪᠦᠯ

ᠮᠦᠷᠤ ᠳᠠᠪᠠᠭᠰᠠᠨ ᠦᠰᠦᠨ ᠮᠠᠳᠤ ᠳᠤᠭᠠᠯᠠᠵᠤ ᠳᠠᠭᠤᠰᠳᠠᠭ ᠦᠭᠡᠶ ᠶᠡᠭᠡ ᠡ


ᠠᠶᠠᠠᠴᠢ ᠡᠭᠦᠯᠡᠰ ᠢ ᠭᠦᠯᠭᠡᠯᠡᠨ ᠬᠤᠧᠨ ᠬᠤᠰᠢᠭᠤ ᠪᠠᠨ ᠴᠢᠭᠯᠡᠮᠡᠷ

ᠠᠷᠤ ᠡᠴᠡ ᠰᠠᠷᠠᠪᠴᠢᠯᠠᠭᠰᠠᠭᠠᠷ ᠬᠤᠴᠤᠷᠤᠭᠰᠠᠨ ᠡᠵᠢ ᠶᠢ ᠪᠠᠨ ᠨᠢᠭᠡ ᠪᠠᠶᠠᠷᠯᠠᠭᠤᠯᠬᠤ ᠰᠠᠨ

ᠠᠠᠳᠠᠭᠠᠢ ᠲᠡᠶ ᠠᠷᠪᠢᠨ ᠰᠢᠯᠳᠠᠭᠠᠨ ᠨᠠᠳᠠ ᠡᠴᠡ ᠪᠣᠤ ᠣᠬᠤᠴᠢᠯᠠ ᠳᠠ ᠨᠠᠷ

ᠠᠬᠤᠢ ᠡᠴᠡ ᠪᠣᠰᠤᠳ ᠶᠠᠭᠤᠮ᠎ᠠ ᠪᠦᠭᠦᠨ ᠮᠢᠨᠢ ᠨᠤᠳᠤᠭ ᠲᠤ ᠪᠠᠨ ᠪᠠᠢ᠌ᠳᠠᠭ ᠤᠨ ᠬᠣᠢ᠌ᠨ᠎ᠠ ᠁


ᠵᠤᠬᠢᠶᠠᠭᠴᠢ ᠶᠢᠨ ᠬᠠ‍‌ᠶᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠨᠠ᠊·ᠰᠦᠬᠡ‍ᠪᠠᠭᠠᠲᠤᠷ
ᠬᠠᠷᠢᠶ᠎ᠠ᠄ ᠰᠢᠯᠦᠭ
ᠳᠠᠷᠤᠮ᠄ 1836
ᠴᠠᠭ᠄ 2010 ᠤᠨ ᠤ 12 ᠰᠠᠷ᠎ᠠ ᠶᠢᠨ 28