ᠠᠯᠤᠰ ᠲᠤ ᠴᠡᠩᠭᠡᠷᠯᠡᠭᠦ ᠣᠪᠣᠭ᠎ᠠ

ᠠᠯᠤᠰ ᠬᠤᠯᠠ ᠮᠠᠨᠠᠨ ᠳᠤ ᠣᠪᠣᠭ᠎ᠠ ᠪᠦᠷᠦᠯᠵᠡᠵᠤ ᠬᠠᠷᠠᠭᠳᠠᠨ᠎ᠠ᠁

᠊᠊᠊᠊᠊᠊᠊᠊᠊᠊᠊᠊᠊᠊᠊ ᠳᠠᠯᠠᠭᠠᠷ ᠡᠪᠠᠷᠳᠤ᠂ ᠪᠣᠭᠤᠳᠠᠢ ᠴᠠᠭᠠᠨ᠂ ᠬᠠᠷ᠎ᠠ ᠡᠷᠡᠭᠦᠳᠤ᠂ ᠪᠠᠭᠠᠰᠤᠩᠬᠠᠢ ᠰᠢᠯᠪᠢᠳᠤ᠂ ᠬᠠᠷ᠎ᠠ ᠭᠦᠤ᠂ ᠣᠭᠵᠢᠨ ᠪᠣᠷᠤ᠂ ᠳᠡᠪᠢᠭᠦᠷ ᠰᠡᠭᠦᠯᠳᠤ᠂ ᠬᠤᠮᠪᠠᠨ ᠳᠤᠭᠤᠷᠠᠢ᠌ᠳᠤ᠂ ᠴᠠᠭᠠᠨ ᠭᠡᠦᠭᠡᠨ ᠁ ᠭᠡᠵᠤ ᠬᠤᠨᠢ ᠪᠠᠨ ᠨᠢᠭᠡ ᠨᠢᠭᠡ ᠪᠠᠷ ᠨᠠᠷᠠᠴᠢᠯᠠᠨ ᠳᠠᠭᠤᠳᠠᠵᠤ᠂ 《ᠭᠦᠶ‍ᠢ︕ ᠬᠠᠷ᠎ᠠ ᠡᠷᠡᠭᠦᠳᠤ ᠡ᠂ ᠨᠠᠭᠠᠰᠢ ᠪᠠᠨ ᠶᠠᠪᠣ᠂ ᠨᠠᠭᠠᠭᠤᠷ ᠨᠢ ᠶᠠᠪᠣ᠂ ᠴᠠᠭᠠᠨ᠎ᠠ ᠴᠢᠨᠢ ᠡᠷᠭᠢ ᠪᠠᠢ᠌ᠨ᠎ᠠ︕ ᠁》 ᠭᠡᠵᠤ ᠬᠤᠨᠢᠳ ᠲᠡᠶ ᠪᠠᠨ ᠶᠠᠷᠢᠵᠤ᠂ ᠬᠠᠷ᠎ᠠ ᠡᠷᠭᠢ ᠶᠢᠨ ᠭᠦᠡᠳᠡᠢ ᠡᠴᠡ ᠭᠠᠷᠴᠤ ᠢᠷᠡᠭ᠍ᠰᠡᠨ ᠡᠨᠡ ᠭᠦᠮᠤᠨ ᠭᠦᠷᠭᠦᠮᠰᠦᠸ᠎ᠡ ᠨᠠᠰᠤᠳᠠᠨ ᠪᠠᠢ᠌ᠪᠠ᠃

᠊᠊᠊᠊᠊᠊᠊᠊᠊᠊᠊᠊᠊᠊᠊ ᠶᠤᠬᠤ᠂ ᠶᠤᠬᠤ ᠁ ᠡᠨᠡ ᠮᠠᠭᠤ ᠭᠦᠯ ᠴᠤ ᠭᠡᠷᠡᠭ᠌ ᠡᠴᠡ ᠭᠠᠷᠴᠢᠬᠠᠵᠠᠢ︕ ᠭᠡᠵᠤ ᠥᠭᠡᠯᠡᠭ᠍ᠰᠡᠭᠡᠷ ᠬᠤᠨᠢᠨ ᠤ ᠪᠠᠨ ᠬᠣᠢ᠌ᠨ᠎ᠠ ᠡᠴᠡ ᠭᠦᠢᠴᠡᠵᠤ ᠶᠠᠳᠠᠨ ᠴᠤᠢᠮᠴᠤᠷᠢᠨ᠎ᠡ᠃

ᠨᠠᠰᠤᠳᠠᠨ ᠮᠠᠭᠤᠬᠠᠨ ᠦᠷᠮᠦᠭ᠌ ᠤᠨ ᠳᠠᠯᠢᠩ ᠳᠠᠭᠠᠨ ᠬᠠᠭᠤᠷᠤᠭᠰᠠᠨ ᠠᠮᠤ᠂ ᠬᠠᠳᠠᠭᠠᠭᠰᠠᠨ ᠪᠣᠷᠴᠠ᠂ ᠴᠦᠷᠤᠮ᠎ᠠ᠂ ᠮᠦᠰᠤᠨ ᠰᠢᠭᠢᠷ᠂ ᠰᠠᠮᠪᠠᠢ ᠳᠤ ᠴᠤᠭᠯᠠᠭᠰᠠᠨ ᠭᠦᠭᠦᠦᠷ᠂ ᠵᠠᠯᠠᠭᠤ ᠪᠠᠢ᠌ᠬᠤ ᠳᠤ ᠪᠠᠨ ᠡᠮᠦᠰᠴᠤ ᠪᠠᠢ᠌ᠭᠰᠠᠨ ᠭᠦᠭᠡ ᠳᠠᠪᠣᠤ ᠳᠡᠷᠯᠢᠭ᠌ ᠶᠢᠡᠨ ᠰᠠᠪᠠᠯᠠᠭᠰᠠᠨ ᠪᠣᠯᠬᠤᠷ ᠡᠭᠦᠷᠭᠡ ᠨᠢ ᠭᠦᠡᠳᠦᠳᠡᠵᠤ᠂ ᠵᠠᠮ ᠬᠤᠷᠤᠵᠤ ᠦᠭ‍ᠭᠦ ᠦᠭᠡᠶ ᠵᠤᠪᠠᠭᠠᠵᠤ ᠪᠠᠢ᠌ᠨ᠎ᠠ᠃

ᠬᠠᠷ᠎ᠠ ᠡᠷᠭᠢ ᠶᠢᠨ ᠭᠦᠡᠳᠡᠢ ᠳᠤ ᠠᠳᠠ ᠬᠠᠷ᠎ᠠ ᠱᠥᠭᠯᠡᠭ᠍ᠰᠡᠨ ᠶᠤᠮ ᠰᠢᠭ᠌᠂ ᠠᠢ᠌ᠯ ᠤᠳ ᠤᠨ ᠭᠡᠮ ᠴᠤ ᠦᠭᠡᠶ ᠪᠠᠢ᠌ᠵᠤ ᠪᠠᠢ᠌ᠭᠰᠠᠨ ᠰᠠᠢ᠌ᠨ ᠰᠠᠢ᠌ᠨ ᠢᠷᠡᠭᠡ ᠤᠳ ᠡᠴᠡ ᠨᠢ ᠡᠭᠢᠯᠡᠨ ᠦᠵᠡᠨ ᠬᠠᠷᠠᠨ ᠪᠠᠢ᠌ᠳᠠᠯ᠎ᠠ 《ᠭᠦᠱ᠂ ᠭᠦᠱ ᠁》 ᠭᠡᠳ ᠯᠠ ᠣᠨᠠᠵᠤ᠂ ᠬᠣᠢ᠌ᠨ᠎ᠠ ᠬᠣᠢ᠌ᠨ᠎ᠠ ᠡᠴᠡ ᠪᠠᠨ ᠥᠭᠦᠵᠤ ᠡᠭᠢᠯᠡᠵᠡᠢ ᠁

᠊᠊᠊᠊᠊᠊᠊᠊᠊᠊᠊᠊᠊᠊᠊ ᠣᠮ ᠮᠠ ᠨᠢ ᠪᠠᠤᠨ ᠮᠠᠢ ᠬᠤᠡᠭ᠌ ︕ ᠭᠡᠳᠤᠨ 《ᠮᠠᠭᠤ》 ᠬᠠᠯᠠᠭᠤᠨ ᠬᠤᠰᠢᠭᠤᠳᠤ ᠶᠢᠨ ᠮᠢᠨᠢ ᠠᠮᠢ ᠶᠢ ᠨᠢ ᠦᠷᠤᠰᠢᠶᠠᠵᠤ᠂ ᠭᠢᠵᠢᠭ᠌ ᠳᠠᠬᠤᠯ ᠡᠴᠡ ᠰᠠᠯᠭᠠᠬᠤ ᠶᠢ ᠨᠤᠳᠤᠭ ᠣᠰᠤᠨ ᠤ ᠮᠢᠨᠢ ᠨᠠᠪᠳᠠᠭ ᠰᠠᠪᠳᠠᠭ ᠦᠷᠤᠰᠢᠶᠠᠵᠤ ᠬᠠᠢ᠌ᠷᠠᠯᠠ︕ ᠭᠡᠵᠤ ᠠᠯᠤᠰ ᠲᠤ ᠭᠦᠷᠡᠩᠳᠡᠭᠦ ᠣᠪᠣᠭᠠᠨ ᠤ ᠵᠥᠭ᠌ ᠭᠦᠷᠭᠦᠮᠰᠦᠸ᠎ᠡ ᠡᠵᠢ ᠨᠠᠮᠠᠠᠴᠢᠯᠠᠨ ᠵᠠᠯᠪᠠᠷᠢᠪᠠ᠃

᠊᠊᠊᠊᠊᠊᠊᠊᠊᠊᠊᠊᠊᠊᠊ ᠳᠠᠯᠠᠭᠠᠷ ᠡᠪᠠᠷᠳᠤ ᠡ︕ ᠵᠢᠭᠠᠬᠠᠨ ᠣᠳᠠᠭᠠᠨ ᠰᠢᠭ ᠶᠠᠪᠣ ︕ ᠁ ᠣᠳᠠᠭᠠᠨ ᠰᠢᠭ ᠶᠠᠪᠣ︕ ᠁ ᠴᠠᠭᠠᠨ ᠭᠡᠦᠭᠡᠨ ᠳᠠᠭᠠᠵᠤ ᠭᠦᠢᠴᠡᠭᠦ ᠦᠭᠡᠶ ᠪᠠᠢ᠌ᠨ᠎ᠠ︕ ᠁ ᠪᠠᠭᠠᠰᠤᠩᠬᠠᠢ ᠰᠢᠯᠪᠢᠳᠤ᠂ ᠪᠠᠭᠠᠰᠤ ᠲᠡᠶ ᠪᠠᠨ ᠮᠡᠳᠡᠭᠦ ᠦᠭᠡᠶ ᠪᠠᠰᠠ ᠮᠦᠷᠭᠦᠯᠳᠦᠭᠦ ᠳᠡᠭᠡᠨ ᠭᠡᠵᠤ ᠶᠠᠷᠢᠳᠠᠭ ᠶᠢᠡᠨ ᠶᠠᠷᠢᠴᠢᠬᠠᠭᠰᠠᠨ︕ ᠬᠤᠨᠢᠨ ᠤ ᠪᠠᠨ ᠠᠷᠤ ᠡᠴᠡ ᠶᠠᠪᠣᠵᠤ ᠪᠠᠢ᠌ᠨ᠎ᠠ᠃

ᠠᠢ᠌ᠯ ᠤᠳ ᠤᠨ ᠣᠳᠠᠰᠤᠨ ᠭᠦᠷᠢᠶᠡᠨ ᠳᠤᠤᠭᠤᠷ ᠰᠢᠷᠭᠤᠵᠤ ᠭᠦᠷᠭᠦᠮᠰᠦᠸ᠎ᠡ ᠶᠢᠨ ᠣᠢ᠌ᠯᠠ ᠶᠢ ᠨᠢ ᠥᠵᠡᠭᠦᠯᠵᠤ ᠪᠠᠢ᠌ᠭᠰᠠᠨ ᠳᠠᠯᠠᠭᠠᠷ ᠡᠪᠠᠷᠳᠤ ᠵᠠᠮ ᠤᠨ ᠵᠠᠬ᠎ᠠ ᠶᠢᠨ ᠮᠠᠩᠬᠠᠨ ᠭᠦᠮᠦᠭᠡᠢ ᠭᠦᠷᠦᠭᠡᠳ ᠯᠠ ᠣᠨᠠᠴᠢᠬᠠᠵᠤ᠂ ᠪᠣᠰᠬᠤ ᠭᠡᠵᠤ ᠠᠮᠢ ᠳᠠᠮᠠᠴᠠᠨ ᠭᠡᠳᠤ ᠳᠡᠢ᠌ᠴᠢᠯᠡᠭ᠍ᠰᠡᠨ ᠶᠢᠡᠨ ᠨᠢᠳᠤᠨ ᠳ᠋ᠤᠨᠢ ᠴᠠᠭᠠᠨ ᠭᠦᠷᠢᠶ᠎ᠡ ᠳᠠᠳᠠᠵᠤ ᠡᠭᠢᠯᠡᠵᠡᠢ᠃ ᠭᠦᠷᠭᠦᠮᠰᠦᠸ᠎ᠡ ᠨᠠᠰᠤᠳᠠᠨ ᠣᠨᠠᠭᠰᠠᠨ ᠬᠤᠨᠢ ᠪᠠᠨ ᠪᠣᠰᠬᠠᠬᠤ ᠭᠡᠵᠤ ᠭᠡᠳᠤ ᠣᠳᠠᠭ᠎ᠠ ᠡᠷᠭᠦᠭ᠍ᠰᠡᠨ ᠪᠣᠯᠪᠠᠴᠤ ᠪᠣᠰᠬᠠᠵᠤ ᠴᠢᠳᠠᠭ᠎ᠠ ᠦᠭᠡᠶ ᠳᠠᠭᠤ ᠨᠢ ᠡᠷᠢᠶᠡᠡᠳᠦᠵᠤ᠄

᠊᠊᠊᠊᠊᠊᠊᠊᠊᠊᠊᠊᠊᠊᠊ ᠶᠠᠭᠠᠭᠢᠴᠢᠬᠠᠪᠠ ᠭᠡᠭ᠍ᠴᠢ ᠡᠨᠡ ᠶᠤᠮ ᠡ︕ ᠪᠣᠷᠬᠠᠨ ᠮᠢᠨᠢ︕ ᠭᠡᠵᠤ ᠭᠡᠯᠡᠭ᠍ᠰᠡᠨ ᠶᠢᠡᠨ ᠳᠠᠯᠠᠭᠠᠷ ᠡᠪᠠᠷᠳᠤ ᠶᠢᠨ ᠶᠢᠡᠨ ᠭᠦᠵᠦᠭᠦᠤ᠂ ᠰᠡᠭᠡᠷ᠂ ᠰᠡᠭᠦᠯ ᠡᠴᠡ ᠭᠡᠳᠤᠨ ᠣᠷᠮᠤᠭ ᠨᠤᠤᠰᠤ ᠥᠭ᠍ᠳᠡᠭᠡᠨ ᠠᠪᠴᠤ ᠬᠤᠷᠤᠭᠤᠨ ᠳᠠᠭᠠᠨ ᠣᠷᠢᠶᠠᠵᠤ ᠡᠷᠴᠢᠮᠯᠡᠭᠡᠳ ᠡᠪᠦᠷᠯᠡᠯ᠎ᠡ᠃

᠊᠊᠊᠊᠊᠊᠊᠊᠊᠊᠊᠊᠊᠊᠊ 《ᠮᠠᠭᠤ》 ᠳᠠᠯᠠᠭᠠᠷ ᠮᠢᠨᠢ᠂ ᠡᠵᠢ ᠨᠢ ᠴᠢᠮ᠎ᠠ ᠶᠢ ᠡᠨᠡ ᠬᠠᠷ᠎ᠠ ᠮᠠᠩᠬᠠᠨ ᠳᠡᠭᠡᠷ᠎ᠡ ᠢᠩᠭᠢᠵᠤ ᠳᠡᠷᠡᠢ᠌ᠯᠭᠡᠭᠡᠳ ᠬᠠᠶᠠᠯᠳᠠᠢ ᠴᠤ ᠪᠢᠰᠢ ᠳ᠋ᠠ ᠭᠡᠵᠤ ᠳᠦᠳᠦᠨᠦᠭ᠍ᠰᠡᠨ ᠶᠢᠡᠨ ᠳᠠᠯᠠᠭᠠᠷ ᠡᠪᠠᠷᠳᠤ ᠶᠢᠨ ᠶᠢᠡᠨ ᠣᠨᠠᠭᠰᠠᠨ ᠭᠠᠵᠠᠷ ᠢ ᠳᠤᠭᠤᠷᠢᠭᠤᠯᠤᠨ ᠰᠢᠷᠤᠢ ᠶᠢ ᠨᠢ ᠬᠠᠮᠤᠵᠤ ᠣᠩᠬᠤᠷ ᠭᠠᠷᠭᠠᠯ᠎ᠠ᠃ ᠣᠩᠬᠤᠷ ᠳᠤᠳᠤᠷ᠎ᠠ ᠳᠠᠯᠠᠭᠠᠷ ᠡᠪᠠᠷᠳᠤ ᠶᠢ ᠪᠠᠨ ᠰᠠᠢ᠌ᠬᠠᠨ ᠭᠡᠪᠳᠡᠭᠦᠯᠵᠤ᠂ ᠳᠤᠯᠤᠭᠠᠢ ᠶᠢ ᠨᠢ ᠬᠠᠳᠠᠭᠰᠠᠨ ᠬᠠᠷ᠎ᠠ ᠰᠢᠪᠠᠭ ᠬᠤᠷᠮᠣᠢ᠌ᠯᠠᠨ ᠢᠷᠠᠵᠤ ᠪᠦᠳᠦᠭᠡᠭᠡᠳ ᠳᠡᠭᠡᠷ᠎ᠡ ᠡᠴᠡ ᠨᠢ ᠰᠢᠷ᠎ᠠ ᠮᠠᠩᠬ᠎ᠠ ᠪᠠᠷ ᠨᠢᠮᠭᠡᠭᠡᠨ ᠬᠤᠴᠢᠬᠤ ᠳᠤ ᠭᠠᠷ ᠨᠢ ᠰᠠᠯᠭᠠᠨᠠᠨ ᠴᠡᠴᠡᠷᠭᠡᠢ᠌ᠯᠡᠨ᠎ᠡ᠃ 《ᠡᠵᠡᠨ ᠮᠢᠨᠢ ᠨᠠᠮ᠎ᠠ ᠶᠢ ᠡ᠊ᠨᠳᠡ ᠪᠣᠯᠠᠭᠰᠠᠨ ᠶᠤᠮ︕》 ᠭᠡᠭᠦ ᠰᠢᠭ᠌ ᠳᠠᠯᠠᠭᠠᠷ ᠡᠪᠠᠷ᠂ ᠵᠢᠵᠢᠭ᠍‍ᠭᠡᠨ ᠰᠢᠷᠤᠢ ᠶᠢᠨ ᠣᠪᠣᠭᠠᠨ ᠡᠴᠡ ᠴᠤᠬᠣᠢ᠌ᠨ ᠭᠠᠷᠴᠤ ᠪᠠᠢ᠌ᠪᠠ᠃

ᠭᠦᠷᠭᠦᠮᠰᠦᠸ᠎ᠡ ᠨᠠᠰᠤᠳᠠᠨ ᠤ ᠪᠣᠳᠤᠯ ᠳᠤ ᠵᠢᠷᠠᠨ ᠵᠢᠯ ᠤᠨ ᠡᠮᠤᠨ᠎ᠡ ᠳᠠᠰᠢᠳᠤᠷᠵᠢ ᠠᠬ᠎ᠠ ᠨᠢ ᠪᠠᠯᠴᠢᠭᠡᠷ ᠡᠴᠠ ᠥᠨᠦᠴᠢᠷᠡᠭ᠍ᠰᠡᠨ ᠬᠤᠷᠠᠭ᠎ᠠ ᠡᠪᠦᠷᠯᠡᠵᠤ ᠢᠷᠡᠭᠡᠳ᠄

᠊᠊᠊᠊᠊᠊᠊᠊᠊᠊᠊᠊᠊᠊᠊ ᠭᠦᠷᠭᠦᠮ ᠡ︕ ᠡᠨᠡ ᠬᠤᠷᠠᠭ᠎ᠠ ᠰᠦᠷᠦᠭ᠌ ᠡᠴᠡ ᠪᠠᠨ ᠰᠠᠯᠤᠭᠠᠤᠨ ᠣᠠᠳᠠᠵᠤ ᠬᠤᠴᠤᠷᠤᠭᠰᠠᠨ ᠪᠠᠢ᠌ᠨ᠎ᠠ ᠯᠠᠢ︕ ᠡᠵᠡᠨ ᠨᠢ ᠰᠤᠷᠠᠭ ᠪᠣᠯᠵᠤ ᠯᠠ ᠢᠷᠡᠭᠦ ᠪᠣᠢ᠂ ᠳᠠᠷᠠ ᠪᠣᠯᠳᠠᠯ᠎ᠠ ᠴᠢ ᠮᠢᠨᠢ ᠣᠭᠵᠢᠵᠤ ᠪᠠᠢ᠌ᠭᠠᠤᠨ ᠴᠤ ᠭᠡᠰᠡᠨ ᠥᠰᠭᠡᠭᠦ ᠶᠢ ᠪᠣᠳᠤ ᠭᠡᠵᠤ ᠭᠡᠯᠡᠵᠤ ᠪᠠᠢ᠌ᠭᠰᠠᠨ ᠨᠢ ᠦᠴᠦᠭᠡᠳᠦᠷᠭᠡᠨ ᠰᠢᠭ᠌ ᠯᠠ ᠰᠠᠨᠠᠭᠳᠠᠵᠤ ᠪᠠᠢ᠌ᠨ᠎ᠠ᠃ ᠳᠡᠭᠡᠭᠦ ᠳᠤ ᠠᠳᠤᠭᠤᠨ ᠬᠤᠤᠠᠳᠤᠭ ᠤᠨ ᠳᠠᠯ᠎ᠠ᠂ ᠠᠳᠤᠭᠤᠨ ᠳᠦᠪᠠᠷᠭᠡᠨ ᠶᠢᠡᠷ ᠳᠡᠷᠭᠡᠯᠰᠢᠵᠤ᠂ ᠴᠡᠴᠡᠭ᠌ ᠨᠢ ᠵᠠᠭᠤᠨ ᠥᠩᠭᠡ ᠪᠠᠷ ᠳᠡᠯᠭᠡᠷᠡᠵᠤ᠂ ᠰᠢᠪᠠᠭᠤᠳ ᠨᠢ ᠮᠢᠩᠭ᠋ᠠᠨ ᠭᠡᠯᠡ ᠪᠠᠷ ᠳᠠᠭᠤᠯᠠᠳᠠᠭ ᠪᠠᠢ᠌ᠯ᠎ᠠ᠃

᠊᠊᠊᠊᠊᠊᠊᠊᠊᠊᠊᠊᠊᠊᠊ ᠬᠤᠶᠠᠭᠤᠯᠠ ᠪᠠᠨ ᠢᠷᠡᠭᠦ ᠨᠠᠮᠤᠷ ᠠᠳᠤᠭᠤᠨ ᠬᠤᠤᠠᠳᠤᠭ ᠤᠨ ᠵᠡᠭᠦᠨ ᠡᠮᠦᠨᠡᠭᠢ ᠳᠠᠪᠰᠠᠩ ᠳᠡᠭᠡᠷ᠎ᠡ ᠳᠠᠪᠤᠨ ᠬᠠᠨᠠᠳᠤ ᠭᠡᠷ ᠶᠢᠡᠨ ᠪᠠᠷᠢᠭᠠᠤᠨ ᠳᠦᠪᠭᠢᠨᠠᠵᠤ ᠰᠠᠭᠤᠶ᠎ᠠ᠃ ᠴᠢ ᠮᠢᠨᠢ ᠨᠠᠳᠠ ᠳᠠᠭᠠᠨ ᠣᠯᠠᠨ ᠪᠣᠷᠤ ᠬᠡᠦᠬᠡᠳ ᠳᠦᠷᠤᠵᠤ ᠦᠭ‍ᠭᠦᠨ᠎ᠡ᠃ ᠬᠡᠦᠬᠡᠳ ᠤᠳ ᠮᠢᠨᠢ ᠣᠪᠣᠭ᠎ᠠ ᠪᠠᠨ ᠬᠠᠷᠠᠵᠤ ᠱᠤᠤᠭᠢᠵᠤ ᠦᠰᠦᠨ᠎ᠡ᠃ ᠣᠪᠣᠭᠠᠨ ᠳᠠᠭᠠᠨ ᠰᠥᠰᠦᠭᠯᠡᠨ ᠵᠠᠯᠪᠠᠷᠢᠵᠤ ᠶᠠᠪᠣᠬᠤ ᠶᠢᠨ ᠴᠠᠭ ᠲᠤ ᠨᠤᠳᠤᠭ ᠤᠨ ᠮᠢᠨᠢ ᠳᠡᠭ᠍ᠷᠢ ᠭᠦᠭᠡ ᠪᠠᠷ ᠶᠢᠡᠨ ᠪᠠᠢ᠌ᠬᠤ ᠶᠤᠰᠤᠳᠠᠢ ᠭᠡᠵᠤ ᠳᠠᠰᠢᠳᠤᠷᠵᠢ ᠶᠢᠨ ᠶᠠᠷᠢᠬᠤ ᠶᠢ ᠰᠤᠨᠤᠰᠴᠤ᠂ ᠭᠦᠷᠭᠦᠮᠰᠦᠸ᠎ᠡ ᠶᠢᠨ ᠴᠢᠷᠠᠢ ᠳᠤ ᠣᠯᠠᠭᠠᠨ ᠥᠩᠭᠡ ᠶᠢᠨ ᠳᠤᠶᠠᠭ᠎ᠠ ᠳᠠᠳᠠᠵᠤ᠂ ᠵᠢᠷᠭᠠᠯ ᠶᠢᠡᠨ ᠵᠤᠪᠠᠯ ᠲᠡᠶ ᠨᠢ ᠮᠠᠷᠳᠠᠳᠠᠭ ᠪᠠᠢ᠌ᠭᠰᠠᠨ᠃

ᠪᠣᠷᠤᠭ᠎ᠠ᠂ ᠴᠡᠩᠭᠡᠷ ᠵᠦᠰᠠ ᠳᠠᠳᠠᠭᠰᠠᠨ ᠶᠤᠮ ᠰᠢᠭ᠌ ᠣᠷᠤᠬᠤ ᠳᠠᠭᠠᠨ ᠯᠠ ᠣᠷᠤᠨ᠎ᠠ᠃ ᠪᠣᠷᠤᠭᠠᠨ ᠤ ᠣᠰᠤ ᠪᠠᠷ ᠴᠠᠢ ᠴᠢᠨᠠᠵᠤ ᠳᠠᠰᠢᠳᠤᠷᠵᠢ ᠠᠬ᠎ᠠ ᠳᠠᠭᠠᠨ ᠠᠶᠠᠭᠠᠯᠠᠴᠢᠬᠠᠭᠠᠤᠨ᠂ ᠡᠪᠦᠳᠦᠭ᠌ ᠢ ᠨᠢ ᠲᠦᠰᠢᠵᠤ ᠰᠠᠭᠤᠭᠠᠤᠨ ᠳᠠᠭᠤᠯᠠᠬᠤ ᠳᠤ ᠨᠢ ᠠᠳᠤᠭᠤᠨ ᠬᠤᠤᠠᠳᠤᠭ ᠤᠨ ᠳᠦᠰᠢᠯᠭᠡ ᠪᠣᠯᠤᠭᠰᠠᠨ ᠣᠪᠣᠭ᠎ᠠ᠂ ᠬᠤᠯᠠ ᠶᠢᠨ ᠬᠤᠯᠠ ᠳᠤ ᠪᠠᠷ᠎ᠠ ᠪᠠᠨ ᠦᠭ‍ᠭᠦᠨ ᠴᠡᠩᠭᠡᠷᠳᠦᠵᠤ᠂ ᠰᠢᠪᠠᠭᠤᠳ ᠤᠨ ᠳᠠᠭᠤ ᠢᠷᠠᠭᠤᠰᠢᠵᠤ᠂ ᠵᠢᠯ ᠥᠵᠡᠭ᠍ᠰᠡᠨ ᠠᠷᠭᠠᠯ ᠰᠢᠭ ᠭᠦᠭᠡ ᠳᠤᠭᠤᠷᠤᠤ ᠬᠤᠤᠰ ᠬᠤᠤᠰ ᠶᠢᠡᠷ ᠶᠢᠡᠨ ᠠᠮᠠᠷᠠᠭᠯᠠᠯᠴᠢᠨ ᠨᠢᠰᠴᠤ᠂ ᠭᠡᠰᠡᠭ᠌ ᠭᠡᠰᠡᠭ‍ᠭᠡᠨ ᠴᠠᠭᠠᠨ ᠮᠠᠨᠠᠨ ᠦᠶᠡᠯᠵᠠᠵᠤ᠂ ᠬᠤᠨᠢᠨ ᠪᠣᠷᠤ ᠴᠢᠯᠠᠭᠤ᠂ ᠪᠦᠭᠡᠷ᠎ᠡ ᠠᠯᠠᠭ ᠳᠤᠯᠤᠭᠠᠤᠨ᠂ ᠡᠪᠠᠰᠤ ᠨᠤᠭᠤᠭ᠎ᠠ ᠡᠳᠦᠷ ᠪᠣᠯᠭᠠᠨ ᠰᠢᠨᠠᠳᠤᠭᠰᠠᠨ ᠶᠤᠮ ᠰᠢᠭ᠌ ᠬᠠᠷᠠᠭᠳᠠᠳᠠᠭ ᠪᠠᠢ᠌ᠯ᠎ᠠ᠃

᠊᠊᠊᠊᠊᠊᠊᠊᠊᠊᠊᠊᠊᠊᠊ ᠮᠢᠨᠤ ᠳᠠᠯᠠᠭᠠᠷ ᠡᠪᠠᠷᠳᠤ᠂ ᠮᠢᠨᠤ ᠮᠠᠭᠤ ᠳᠠᠯᠠᠭᠠᠷ︕ ᠁ ᠳᠠᠷᠠ ᠯᠠ ᠬᠤᠷᠠᠭᠠᠨ ᠡᠴᠡ ᠣᠳᠤᠮ ᠵᠠᠯᠭᠠᠵᠤ ᠦᠯᠠᠳᠠᠵᠤ ᠢᠷᠡᠭ᠍ᠰᠡᠨ ᠭᠡᠵᠤ ᠪᠣᠳᠤᠬᠤ ᠡᠴᠡ ᠭᠦᠷᠭᠦᠮᠰᠦᠸ᠎ᠡ ᠶᠢᠨ ᠨᠢᠳᠤᠨ ᠳᠤ ᠨᠢᠯᠪᠣᠰᠤ ᠬᠤᠷᠠᠵᠤ᠂ ᠠᠯᠤᠰ ᠲᠤ ᠣᠪᠣᠭ᠎ᠠ ᠪᠦᠦᠷ ᠳᠦᠤᠷ ᠬᠠᠷᠠᠭᠳᠠᠨ᠎ᠠ︕ ᠁

᠊᠊᠊᠊᠊᠊᠊᠊᠊᠊᠊᠊᠊᠊᠊ ᠡᠵᠢ ᠰᠠᠢ᠌ᠨ ᠪᠠᠢ᠌ᠨ᠎ᠠ ᠦᠦ︖ ᠁ ᠭᠡᠰᠡᠨ ᠴᠠᠩᠭᠢᠨᠠᠭᠰᠠᠨ ᠳᠠᠭᠤᠨ ᠳᠤ ᠡᠷᠭᠢᠵᠤ ᠬᠠᠷᠠᠪᠠᠯ ᠬᠤᠳᠠ ᠶᠢᠨ ᠭᠢᠨ ᠡᠴᠡ ᠳᠤᠳᠠᠭᠤ ᠦᠭᠡᠶ ᠭᠠᠩᠭ᠋ᠠᠯᠠᠭᠰᠠᠨ ᠦᠨᠳᠦᠷ ᠭᠤᠸᠠᠯᠢᠭ ᠦᠬᠢᠨ᠂ ᠦᠪᠴᠢ ᠪᠠᠶ᠎ᠠ ᠣᠯᠠᠭᠠᠨ ᠬᠤᠪᠴᠠᠰᠤ ᠡᠮᠦᠰᠦᠭ᠍ᠰᠡᠨ ᠵᠠᠯᠠᠭᠤ ᠬᠤᠶᠠᠭᠤᠯᠠ ᠭᠦᠷᠭᠦᠮᠰᠦᠸ᠎ᠡ ᠡᠵᠢ ᠶᠢᠨ ᠳᠡᠷᠭᠡᠳᠡ ᠢᠷᠡᠭᠡᠳ ᠵᠤᠭᠰᠤᠵᠤ ᠪᠠᠢ᠌ᠪᠠ᠃

᠊᠊᠊᠊᠊᠊᠊᠊᠊᠊᠊᠊᠊᠊᠊ ᠰᠠᠢ᠌ᠨ᠂ ᠰᠠᠢ᠌ᠨ︕ ᠡᠵᠢ ᠨᠢ ᠬᠤᠨᠢᠨ ᠳᠠᠭᠠᠨ ᠡᠭᠦᠷᠳᠦᠭ᠍ᠰᠡᠭᠡᠷ ᠪᠠᠢ᠌ᠭᠠᠤᠨ ᠬᠡᠦᠬᠡᠳ ᠤᠳ ᠤᠨ ᠶᠢᠡᠨ ᠢᠷᠠᠵᠤ ᠶᠠᠪᠣᠬᠤ ᠶᠢ ᠴᠤ ᠮᠡᠳᠡᠭ᠍ᠰᠡᠨ ᠴᠤ ᠦᠭᠡᠶ᠃

᠊᠊᠊᠊᠊᠊᠊᠊᠊᠊᠊᠊᠊᠊᠊ ᠡᠵᠢ ᠬᠤᠨᠢ ᠪᠠᠨ ᠳᠠᠭᠤᠭᠠᠤᠨ ᠬᠠᠮᠢᠭ᠎ᠠ ᠶᠠᠪᠣᠬᠤ ᠪᠣᠢ︖

᠊᠊᠊᠊᠊᠊᠊᠊᠊᠊᠊᠊᠊᠊᠊ ᠭᠡᠦᠭᠡᠨ ᠤ ᠳᠤ ᠪᠠᠨ ᠣᠴᠢᠶ᠎ᠠ᠂ ᠠᠳᠤᠭᠤᠨ ᠬᠤᠤᠠᠳᠤᠭ ᠤᠨ ᠳᠡᠷᠭᠡᠳᠡ ᠪᠠᠢ᠌ᠳᠠᠭ ᠶᠤᠮ᠃

᠊᠊᠊᠊᠊᠊᠊᠊᠊᠊᠊᠊᠊᠊᠊ ᠠᠳᠤᠭᠤᠨ ᠬᠤᠤᠠᠳᠤᠭ ᠤᠨ ᠠᠢ᠌ᠯ ᠤᠳ ᠢ ᠠᠯᠪᠠ ᠪᠠᠷ ᠨᠡᠭᠦᠯᠭᠡᠵᠤ ᠪᠠᠢ᠌ᠨ᠎ᠠ ᠭᠡᠰᠡᠨ ᠰᠤᠷᠠᠭ ᠰᠤᠨᠤᠰᠳᠠᠬᠤ ᠶᠤᠮ᠃

᠊᠊᠊᠊᠊᠊᠊᠊᠊᠊᠊᠊᠊᠊᠊ ᠦᠭᠡᠶ ᠯᠠ ᠪᠠᠢ᠌ᠯᠭᠦᠢ︕ ᠁

᠊᠊᠊᠊᠊᠊᠊᠊᠊᠊᠊᠊᠊᠊᠊ ᠡᠵᠢ ᠶᠢᠨ ᠬᠠᠷᠠᠭᠰᠠᠨ ᠬᠤᠨᠢ ᠭᠡᠵᠢᠶᠡᠳᠡ ᠪᠠᠨ ᠪᠦᠷ ᠯᠠ ᠳᠠᠷᠭᠤ ᠰᠠᠢ᠌ᠳᠠᠢ᠂ ᠥᠰᠭᠦ ᠮᠠᠯ ᠤᠨ ᠥᠩᠭᠡ ᠨᠢ ᠨᠢᠭᠡ ᠭᠡᠭ᠍ᠴᠢ ᠪᠠᠷ ᠳᠤᠳᠤᠬᠠᠨ ᠬᠠᠷᠠᠭᠳᠠᠵᠤ ᠪᠠᠢ᠌ᠨ᠎ᠠ᠃ ᠣᠳᠤ ᠡᠨᠡ ᠨᠤᠳᠤᠭ ᠲᠤ ᠡᠢ᠌ᠮᠤ ᠰᠠᠢ᠌ᠨ ᠰᠠᠢ᠌ᠨ ᠬᠤᠨᠢ ᠡᠳᠦᠷ ᠤᠨ ᠣᠳᠤ ᠮᠠᠳᠤ ᠴᠥᠭᠡᠨ ᠪᠣᠯᠤᠭᠰᠠᠨ ᠁ ᠭᠡᠵᠤ ᠭᠡᠯᠡᠭᠦ ᠳᠤ᠂ ᠭᠦᠷᠭᠦᠮᠰᠦᠸ᠎ᠡ ᠡᠵᠢ ᠶᠢᠨ ᠴᠢᠷᠠᠢ ᠳᠤ ᠭᠠᠰᠢᠭᠤᠨ ᠢᠨᠢᠶᠠᠳᠤ ᠳᠤᠳᠤᠷᠠᠵᠤ᠄

᠊᠊᠊᠊᠊᠊᠊᠊᠊᠊᠊᠊᠊᠊᠊ ᠠᠢ︕ ᠬᠠᠷ᠎ᠠ ᠡᠷᠭᠢ ᠶᠢᠨ ᠭᠦᠡᠳᠡᠢ ᠳᠤ ᠭᠡᠴᠡᠭᠦᠤ 《ᠭᠠᠮᠰᠢᠭ》 ᠪᠣᠯᠤᠭᠰᠠᠨ ᠭᠡᠳ ᠳᠠᠭᠤ ᠦᠭᠡᠶ ᠪᠣᠯᠪᠠ᠃

᠊᠊᠊᠊᠊᠊᠊᠊᠊᠊᠊᠊᠊᠊᠊ ᠬᠠᠷᠢᠨ ᠡ᠂ ᠪᠦᠷ ᠴᠤ ᠭᠡᠴᠡᠭᠦᠳᠡᠭᠦ ᠨᠢ︕ ᠁

᠊᠊᠊᠊᠊᠊᠊᠊᠊᠊᠊᠊᠊᠊᠊ ᠪᠣᠷᠬᠠᠨ ᠦᠷᠤᠰᠢᠶ᠎ᠠ︕ ᠭᠡᠵᠤ ᠵᠠᠯᠪᠠᠷᠢᠭᠠᠤᠨ ᠭᠦᠷᠭᠦᠮᠰᠦᠸ᠎ᠡ ᠡᠵᠢ 《ᠠᠢ︕》 ᠭᠡᠵᠤ ᠣᠷᠳᠤ ᠡᠴᠡ ᠣᠷᠳᠤ ᠰᠡᠭᠦᠷᠡᠰᠦᠯᠡᠭ᠍ᠰᠡᠨ ᠶᠢᠡᠨ᠄

᠊᠊᠊᠊᠊᠊᠊᠊᠊᠊᠊᠊᠊᠊᠊ ᠡᠵᠢ ᠨᠢ ᠦᠬᠢᠨ ᠳᠡᠭᠡᠨ ᠨᠢᠭᠡ ᠶᠠᠭᠤᠮ᠎ᠠ ᠭᠤᠶᠤᠶ᠎ᠠ︕ ᠁

᠊᠊᠊᠊᠊᠊᠊᠊᠊᠊᠊᠊᠊᠊᠊ ᠶᠠᠭᠤ ᠪᠣᠢ︖ ᠡᠵᠢ ᠡ︕

᠊᠊᠊᠊᠊᠊᠊᠊᠊᠊᠊᠊᠊᠊᠊ 《ᠬᠠᠷ᠎ᠠ ᠭᠦᠤ》 ᠬᠤᠨᠢᠨ ᠳᠦᠷᠦᠭᠦᠨ ᠳᠤ ᠵᠤᠵᠢᠭᠯᠠᠭᠠᠤᠨ᠂ 《ᠭᠡᠦᠭᠡᠨ ᠴᠠᠭᠠᠨ》 ᠭᠡᠭᠡᠯ ᠲᠡᠶ ᠪᠣᠯᠬᠤᠷ ᠶᠠᠪᠣᠬᠤ ᠨᠢ ᠮᠠᠭᠤ︕ ᠡᠵᠢ ᠨᠢ ᠳᠠᠨᠤᠰ ᠲᠤ ᠣᠷᠭᠢᠴᠢᠬᠠᠭᠠᠤᠨ ᠶᠠᠪᠣᠶ᠎ᠠ᠃ ᠮᠠᠯ ᠪᠣᠯᠭᠠᠵᠤ ᠥᠰᠭᠡᠭᠦ ᠪᠠᠨ ᠪᠣᠳᠤ ︕ 《ᠴᠠᠭᠠᠨ ᠭᠡᠦᠭᠡᠨ》 ᠵᠢᠯ ᠪᠣᠯᠭᠠᠨ ᠢᠭᠢᠷᠡᠯᠡᠳᠡᠭ᠌ ᠶᠤᠮ ᠁ ᠪᠣᠯᠤᠨ᠎ᠡ ᠦᠦ︖ ᠭᠡᠦᠭᠡ ᠡ︕

᠊᠊᠊᠊᠊᠊᠊᠊᠊᠊᠊᠊᠊᠊᠊ ᠪᠤᠯᠤᠯᠭᠦᠢ ᠶᠠᠭᠠᠭᠢᠬᠤ ᠪᠣᠢ᠂ ᠢᠷᠡᠭᠦ ᠵᠢᠯ 《ᠭᠡᠦᠭᠡᠨ ᠴᠠᠭᠠᠨ》 ᠊ᠢ ᠴᠢᠨᠢ ᠢᠭᠡᠷ᠎ᠡ ᠬᠤᠷᠠᠭ᠎ᠠ ᠲᠡᠶ ᠨᠢ ᠳᠠᠨ ᠳᠤ ᠭᠦᠷᠭᠡᠵᠤ ᠣᠴᠢᠨ᠎ᠠ ᠰᠢᠤ᠂ ᠡᠵᠢ ᠡ︕ ᠁

᠊᠊᠊᠊᠊᠊᠊᠊᠊᠊᠊᠊᠊᠊᠊ ᠶᠠᠭᠠᠭᠢᠭᠰᠠᠨ ᠰᠠᠢ᠌ᠬᠠᠨ ᠮᠠᠯ ᠳᠤ ᠠᠮᠢᠳᠠᠢ ᠬᠡᠦᠬᠡᠳ ᠤᠳ ᠶᠤᠮ ᠪᠢᠯᠠ︕ ᠮᠠᠯ ᠪᠣᠯᠭᠠᠭᠠᠤᠨ ᠬᠡᠦᠬᠡᠳ ᠮᠢᠨᠢ ᠦᠮᠴᠢᠯᠠ ᠭᠡᠵᠤ ᠭᠦᠷᠭᠦᠮᠰᠦᠸ᠎ᠡ ᠡᠵᠢ ᠶᠠᠷᠢᠭᠰᠠᠨ ᠶᠢᠡᠨ ᠦᠷᠮᠦᠭ᠌ ᠳᠠᠯᠢᠩ ᠶᠢᠡᠨ ᠨᠡᠭᠡᠭᠡᠵᠤ ᠨᠢᠭᠡ ᠠᠳᠬᠤ ᠬᠠᠭᠤᠷᠤᠭᠰᠠᠨ ᠠᠮᠤ᠂ ᠵᠢᠭᠠᠬᠠᠨ ᠭᠡᠰᠡᠭ᠌ ᠮᠦᠰᠤᠨ ᠰᠢᠭᠢᠷ ᠭᠠᠷᠭᠠᠵᠤ ᠠᠪᠣᠭᠠᠤᠨ᠄ 《ᠬᠠᠷ᠎ᠠ ᠭᠦᠤ᠂ ᠬᠠᠷ᠎ᠠ ᠭᠦᠤ ᠁ ᠴᠠᠭᠠᠨ ᠭᠡᠦᠭᠡᠨ ᠁》 ᠭᠡᠵᠤ ᠳᠠᠭᠤᠳᠠᠪᠠ᠃

ᠰᠦᠷᠦᠭ᠌ ᠶᠢᠡᠨ ᠬᠤᠰᠢᠭᠤᠯᠠᠨ ᠶᠠᠪᠣᠵᠤ ᠪᠠᠢ᠌ᠭᠰᠠᠨ ᠪᠦᠳᠦᠭᠦᠨ ᠢᠷᠭᠡ ᠡᠵᠡᠨ ᠤ ᠪᠠᠨ ᠳᠠᠭᠤ ᠪᠠᠷ ᠵᠤᠭ ᠵᠤᠭᠰᠤᠭᠰᠠᠨ ᠶᠢᠡᠨ ᠨᠢᠭᠡ ᠰᠠᠢ᠌ᠬᠠᠨ ᠮᠠᠢ᠌ᠯᠠᠵᠤ ᠠᠪᠣᠭᠠᠤᠨ ᠡᠷᠭᠢᠨ ᠬᠠᠷᠠᠭᠰᠠᠨ ᠶᠢᠡᠨ ᠳᠤᠵᠢᠷ ᠳᠤᠵᠢᠷ ᠠᠯᠬᠤᠨ᠂ ᠬᠣᠢ᠌ᠨ᠎ᠠ ᠡᠴᠡ ᠨᠢ 《ᠴᠠᠭᠠᠨ ᠭᠡᠦᠭᠡᠨ》 ᠨᠢ ᠪᠣᠯᠤᠯᠳᠠᠢ ᠳᠠᠭᠠᠭᠠᠤᠨ ᠭᠦᠷᠭᠦᠮᠰᠦᠸ᠎ᠡ ᠡᠵᠢ ᠶᠢᠨ ᠳᠡᠷᠭᠡᠳᠡ ᠢᠷᠠᠯ᠎ᠠ᠃

ᠭᠦᠷᠭᠦᠮᠰᠦᠸ᠎ᠡ ᠠᠳᠬᠤᠨ ᠳ᠋ᠠᠭᠢ ᠬᠠᠭᠤᠷᠤᠭᠰᠠᠨ ᠠᠮᠤ ᠪᠠᠨ 《ᠬᠠᠷ᠎ᠠ ᠭᠦᠤ》 ᠳᠡᠭᠡᠨ᠂ ᠨᠥᠭᠦᠭᠡ ᠮᠦᠰᠤᠨ ᠰᠢᠭᠢᠷ ᠶᠢᠡᠨ 《ᠴᠠᠭᠠᠨ ᠭᠡᠦᠭᠡᠨ》 ᠲᠡᠭᠡᠨ ᠦᠭ‍ᠭᠦᠭ᠍ᠰᠡᠨ ᠶᠢᠡᠨ 《〈ᠮᠠᠭᠤ ᠬᠤᠪᠳᠤᠭ ᠤᠳ︕〉 ᠪᠠᠰᠠ ᠯᠠ ᠬᠤᠪᠳᠤᠭ ᠵᠠᠩ ᠶᠢᠡᠷ ᠶᠢᠡᠨ ᠁》 ᠭᠡᠵᠤ ᠭᠡᠯᠡᠭ᠍ᠰᠡᠨ ᠶᠢᠡᠨ ᠬᠤᠶᠠᠷ ᠵᠠᠯᠠᠭᠤ ᠳᠤ ᠨᠢᠭᠡ ᠨᠢᠭᠡ ᠪᠠᠷᠢᠭᠤᠯᠤᠭᠠᠤᠨ᠂ ᠬᠤᠯᠠᠳᠠᠵᠤ ᠪᠠᠢ᠌ᠭ᠎ᠠ ᠬᠤᠨᠢᠨ ᠤ ᠪᠠᠨ ᠠᠷᠤ ᠡᠴᠡ ᠨᠢᠯᠪᠣᠰᠤ ᠪᠠᠨ ᠠᠷᠴᠢᠨ ᠮᠠᠢ᠌ᠵᠢᠭᠢᠨᠠᠪᠠ᠃

᠁ ᠪᠣᠭᠤᠳᠠᠢ ᠴᠠᠭᠠᠨ᠂ ᠳᠡᠪᠢᠭᠦᠷ ᠰᠡᠭᠦᠯᠳᠤ᠂ ᠬᠤᠮᠪᠠᠨ ᠳᠤᠭᠤᠷᠠᠢ᠌ᠳᠤ ᠨᠢ ᠴᠤ ᠭᠡᠮ ᠴᠤ ᠦᠭᠡᠶ ᠶᠠᠪᠣᠵᠤ ᠪᠠᠢ᠌ᠭᠠᠤᠨ ᠯᠠ ᠶᠠᠭᠠᠭᠢᠵᠤ ᠡᠢ᠌ᠭᠦ ᠶᠢᠨ ᠵᠠᠪ ᠪᠣᠯᠬᠤ ᠦᠭᠡᠶ ᠳᠠᠯᠠᠭᠠᠷ ᠡᠪᠠᠷᠳᠤ ᠲᠡᠶ ᠨᠢ ᠠᠳᠠᠯᠢᠬᠠᠨ ᠣᠨᠠᠵᠤ ᠪᠢᠯᠠ᠃ ᠭᠦᠷᠭᠦᠮᠰᠦᠸ᠎ᠡ ᠨᠠᠰᠤᠳᠠᠨ ᠤ ᠠᠷᠤ ᠨᠢᠷᠤᠭᠤ ᠪᠠᠷ ᠨᠢ ᠵᠢᠩ ᠳᠠᠭᠠᠭᠠᠬᠤ ᠰᠢᠭ ᠮᠡᠳᠡᠭ᠍ᠳᠡᠵᠤ᠂ ᠬᠤᠶᠠᠷ ᠨᠢᠳᠤᠨ ᠤ ᠭᠢᠨᠢ ᠨᠢᠯᠪᠣᠰᠤ ᠠᠶᠠᠭ᠎ᠠ ᠪᠠᠨ ᠳᠦᠭᠦᠷᠭᠡᠭᠡᠳ ᠬᠠᠴᠠᠷ ᠢ ᠨᠢ ᠡᠰᠭᠡᠵᠤ ᠣᠷᠤᠰᠤᠯ᠎ᠠ᠃

ᠬᠤᠯᠠ ᠶᠢᠨ ᠬᠤᠯᠠ ᠡᠴᠡ ᠰᠥᠰᠦᠭᠯᠡᠨ ᠮᠦᠷᠭᠦᠳᠡᠭ᠌ ᠢᠳᠡᠭᠡᠯ ᠪᠢᠰᠢᠷᠠᠯ ᠤᠨ ᠭᠢᠨᠢ ᠣᠷᠤᠨ ᠪᠣᠯᠤᠭᠰᠠᠨ ᠣᠪᠣᠭ᠎ᠠ ᠳᠡᠭᠦᠨ ᠡᠴᠡ ᠳᠠᠩᠴᠤ ᠬᠤᠯᠠ᠂ ᠲᠤᠢ᠌ᠯ ᠦᠭᠡᠶ ᠦᠨᠳᠦᠷ ᠲᠤ ᠪᠠᠢ᠌ᠯ᠎ᠠ᠃ ᠣᠪᠣᠭᠠᠨ ᠤ ᠳᠡᠭᠡᠷ᠎ᠡ ᠭᠦᠳᠡᠩ ᠮᠠᠨᠠᠨ ᠳᠤᠭᠳᠠᠵᠤ ᠬᠠᠷᠠᠭ᠎ᠠ ᠪᠠᠯᠠᠷᠠᠭᠤᠯᠤᠨ᠎ᠠ᠃ ᠣᠯᠠᠨ ᠵᠢᠯ ᠳᠠᠢ᠌ᠨ ᠳᠤ ᠶᠠᠪᠣᠭᠠᠤᠨ ᠶᠠᠳᠠᠷᠠᠭᠰᠠᠨ ᠡᠷ᠎ᠡ ᠠᠮᠠᠷᠠᠵᠤ ᠯᠠ ᠰᠠᠭᠤᠭᠠᠤᠨ ᠯᠠ ᠬᠤᠯᠠ ᠶᠢ ᠪᠠᠷᠠᠯᠠᠨ ᠰᠡᠭᠦᠷᠡᠰᠤ ᠠᠯᠳᠠᠬᠤ ᠮᠠᠳᠤ ᠰᠠᠨᠠᠭᠳᠠᠬᠤ ᠪᠠᠷ 《ᠨᠤᠳᠤᠭ ᠣᠰᠤᠨ ᠤ ᠨᠠᠪᠳᠠᠭ ᠰᠠᠪᠳᠠᠭ ᠮᠢᠨᠢ᠂ ᠡᠵᠡᠨ ᠪᠣᠭᠳᠠ ᠮᠢᠨᠢ︕ ᠁》 ᠭᠡᠵᠤ ᠡᠩᠭᠡᠷ ᠶᠢᠡᠨ ᠳᠡᠪᠳᠦᠭᠡᠨ ᠪᠠᠢ᠌ᠵᠤ ᠵᠠᠯᠪᠠᠷᠢᠵᠤ ᠭᠠᠷᠪᠠ᠃

ᠡᠨᠡ ᠨᠤᠳᠤᠭ ᠲᠤ ᠪᠣᠷᠤᠭᠠᠨ ᠣᠷᠤᠭ᠎ᠠ ᠦᠭᠡᠶ ᠳᠠᠩᠴᠤ ᠣᠳᠠᠵᠠᠢ᠃ ᠪᠣᠷᠭᠠᠰᠤᠨ ᠨᠠᠮᠠᠭ᠎ᠠ ᠰᠠᠩᠭᠢᠨᠠᠵᠤ ᠥᠩᠭᠡᠷᠡᠭᠦ ᠰᠠᠯᠭᠢᠨ ᠳᠤ 《ᠰᠠᠷ᠂ ᠰᠠᠷ》 ᠭᠢᠨ ᠳᠤᠤᠭᠠᠷᠤᠨ᠎ᠠ᠃ ᠰᠢᠪᠠᠭ ᠬᠠᠷᠭᠠᠨ᠎ᠠ ᠦᠨᠡᠰᠤᠨ ᠭᠦᠭᠡ ᠥᠩᠭᠡ ᠣᠷᠤᠨ ᠦᠬᠢᠷᠠᠨ ᠬᠠᠳᠠᠵᠤ᠂ ᠣᠯᠠᠢ᠌ᠰᠤᠭᠰᠠᠨ ᠮᠠᠩᠬᠠᠨ ᠳᠡᠭᠡᠷ᠎ᠡ ᠱᠤᠪᠣᠢ᠌ᠯᠴᠠᠨ ᠬᠠᠪᠣ ᠮᠠᠭᠤᠳᠠᠢ ᠬᠠᠷᠠᠭᠳᠠᠨ᠎ᠠ᠃ ᠭᠠᠩ ᠳᠤ ᠳᠠᠭᠠᠭᠠᠴᠠ ᠲᠡᠶ ᠰᠤᠯᠢ ᠠᠷᠮᠠᠭ ᠳᠠᠷᠮᠠᠭ ᠣᠷᠭᠤᠵᠤ᠂ ᠪᠠᠷᠤᠭ ᠯᠠ ᠮᠠᠷᠳᠠᠭᠳᠠᠮᠠᠷ ᠪᠣᠯᠤᠭᠰᠠᠨ ᠨᠤᠭᠤᠭᠠᠨ ᠥᠩᠭᠡ ᠶᠢ ᠰᠠᠨᠠᠭᠠᠨ ᠳᠤ ᠣᠷᠤᠭᠤᠯᠤᠨ᠎ᠠ᠃ ᠬᠠᠶᠠ ᠨᠢᠭᠡ ᠪᠣᠷᠤ ᠪᠢᠯᠵᠤᠤᠬᠠᠢ ᠱᠤᠤᠯᠤᠭᠤᠨᠠᠵᠤ ᠪᠠᠢ᠌ᠭᠰᠠᠨ ᠶᠢᠡᠨ ᠳᠠᠭᠤ ᠪᠠᠨ ᠬᠤᠷᠢᠶᠠᠵᠤ ᠠᠭᠠᠷ ᠵᠢᠷᠤᠨ ᠨᠢᠰᠴᠤ ᠬᠤᠯᠠᠳᠠᠨ᠎ᠠ᠃ ᠭᠠᠵᠠᠷ ᠪᠣᠯᠭᠠᠨ ᠳᠤ ᠬᠤᠤᠠᠳᠤᠭ ᠦᠷᠦᠮᠳᠡᠭᠦ ᠳᠠᠮᠤᠷ ᠰᠤᠪᠣᠷᠭ᠎ᠠ ᠪᠣᠰᠴᠤ᠂ ᠳᠡᠭᠡᠷ᠎ᠡ ᠨᠢ ᠡᠯᠭᠦᠭ᠍ᠰᠡᠨ ᠣᠯᠠᠭᠠᠨ ᠳᠠᠯᠪᠠᠭ᠎ᠠ ᠨᠢ ᠭᠠᠯ ᠭᠡᠯᠡ ᠶᠤᠮ ᠰᠢᠭ᠌ ᠨᠠᠪᠳᠠᠯᠵᠠᠨ ᠭᠦᠳᠡᠯᠵᠤ ᠪᠠᠢ᠌ᠨ᠎ᠠ᠃

ᠥᠩᠭᠡᠷᠡᠭ᠍ᠰᠡᠨ ᠳᠤ ᠣᠪᠣᠭ᠎ᠠ ᠭᠡᠭ᠍ᠴᠢ ᠬᠤᠷᠢᠭᠤᠯ ᠲᠡᠶ ᠪᠠᠢ᠌ᠯ᠎ᠠ᠃ ᠣᠳᠤ ᠬᠤᠷᠢᠭᠤᠯ ᠮᠠᠨᠠᠭ᠎ᠠ ᠨᠢ ᠦᠭᠡᠶ ᠪᠣᠯᠬᠤᠯᠠᠷ ᠣᠪᠣᠭᠠᠨ ᠳᠠᠭᠠᠨ ᠮᠦᠷᠭᠦᠳᠡᠭ᠌ ᠨᠢ ᠴᠤ ᠪᠢ ᠰᠢᠭ᠌ ᠶᠢᠡᠨ ᠶᠠᠳᠠᠷᠠᠵᠤ᠂ ᠵᠠᠳᠠᠷᠠᠯ᠎ᠠ᠃ ᠣᠪᠣᠭᠠᠨ ᠤ ᠪᠠᠨ ᠭᠦᠯ ᠶᠢᠡᠷ ᠣᠨᠤᠭ᠎ᠠ ᠮᠤᠷᠢ ᠲᠡᠶ ᠪᠠᠨ ᠥᠩᠭᠡᠷᠡᠭᠦ ᠳᠡᠭᠡᠨ ᠴᠤ ᠮᠤᠷᠢᠨ ᠡᠴᠡ ᠪᠠᠨ ᠪᠠᠭᠤᠳᠠᠭ ᠨᠢ ᠳᠡᠭᠡᠳᠤ ᠶᠢᠨ ᠶᠤᠰᠤ᠃ ᠣᠳᠤ᠂ ᠣᠳᠤ ᠶᠠᠭᠠᠭᠢᠵᠤ ᠪᠠᠢ᠌ᠨ᠎ᠠ︕ ᠁ ᠣᠪᠣᠭᠠᠨ ᠤ ᠪᠠᠨ ᠭᠦᠯ ᠭᠦᠢᠰᠤ ᠶᠢ ᠭᠦᠡᠳᠡᠢ᠌ᠯᠡᠵᠤ᠂ ᠬᠤᠤᠠᠳᠤᠭ ᠮᠠᠯᠳᠠᠬᠤ ᠭᠡᠭ᠍ᠴᠢ︕ ᠁ ᠪᠣᠷᠬᠠᠨ ᠳᠡᠭ᠍ᠷᠢ ᠪᠣᠷᠤᠭᠤ ᠪᠠᠷ ᠥᠵᠡᠭᠦ ᠦᠭᠡᠶ ᠯᠠ ᠶᠤᠮ ᠪᠠ︕ ᠁ ᠭᠡᠵᠤ ᠭᠦᠷᠭᠦᠮᠰᠦᠸ᠎ᠡ ᠪᠣᠳᠤᠯ ᠪᠣᠯᠴᠢᠬᠠᠭᠰᠠᠨ᠂ ᠦᠯᠡᠳᠡᠭ᠍ᠰᠡᠨ ᠭᠡᠳᠦᠭᠡᠨ ᠬᠤᠨᠢ ᠪᠠᠨ ᠳᠠᠭᠤᠵᠤ᠂ ᠡᠨᠡ ᠶ‍ᠢᠷᠳᠢᠠᠴᠤ ᠳᠡᠭᠡᠷ᠎ᠡ ᠰᠠᠨᠠᠯ ᠪᠣᠳᠤᠯ ᠤᠨ ᠭᠢᠨᠢ ᠳᠦᠪᠯᠡᠷᠡᠭᠦ ᠴᠡᠭ᠌᠂ ᠭᠡᠦᠭᠡᠨ ᠨᠡᠰᠦᠡᠴᠢᠮᠡᠭ᠌ ᠤᠨ ᠶᠢᠡᠨ ᠭᠡᠷ ᠵᠥᠭ᠌ ᠶᠠᠪᠣᠵᠤ ᠪᠠᠢ᠌ᠨ᠎ᠠ᠃

ᠡ᠊ᠨᠳᠡᠭᠢ ᠠᠢ᠌ᠯ ᠤᠳ ᠤᠨ ᠡᠪᠠᠰᠤᠨ ᠭᠦᠷᠢᠶ᠎ᠡ᠂ ᠮᠠᠯ ᠤᠨ ᠪᠠᠯᠴᠢᠭᠡᠷ ᠨᠠᠢ᠌ᠳᠠᠮ ᠳᠡᠭᠡᠨ ᠳᠠᠷᠢᠶᠠᠯᠠᠯᠭ᠎ᠠ ᠶᠢᠨ ᠳᠠᠯᠠᠪᠠᠢ ᠪᠣᠯᠵᠤ᠂ ᠡᠷᠳᠡᠨᠢ ᠰᠢᠰᠢ ᠶᠢᠨ ᠳᠠᠷᠢᠶ᠎ᠠ ᠦᠷᠭᠦᠯᠵᠢᠯᠡᠨ᠎ᠡ᠃ ᠡ᠊ᠨᠳᠡ ᠳᠠᠠᠳᠠ ᠠᠳᠠᠷᠰᠢᠭᠤᠯᠵᠤ ᠬᠠᠶᠠᠭᠰᠠᠨ ᠭᠠᠵᠠᠷ ᠶᠠᠭ ᠯᠠ ᠳᠠᠭᠰᠢᠭᠤᠷ ᠲᠤ ᠨᠡᠷᠪᠠᠭ᠍ᠳᠡᠭ᠍ᠰᠡᠨ ᠡᠭᠡ ᠭᠦᠮᠤᠨ ᠤ ᠴᠢᠷᠠᠢ ᠰᠢᠭ ᠵᠡᠪᠠᠭᠡᠢ᠂ ᠵᠤᠪᠠᠯ ᠲᠡᠶ ᠬᠠᠷᠠᠭᠳᠠᠨ᠎ᠠ᠃ ᠬᠤᠨᠢᠳ ᠳᠠᠷᠢᠶᠠᠨ ᠵᠠᠬ᠎ᠠ ᠪᠠᠷ ᠣᠷᠭᠤᠭᠰᠠᠨ ᠦᠯᠤᠩ ᠡᠪᠠᠰᠤᠨ ᠳᠤ ᠣᠴᠢᠷ ᠦᠭᠡᠶ ᠰᠢᠨᠤᠵᠤ ᠶᠠᠪᠣᠵᠤ ᠶᠠᠳᠠᠨ᠎ᠠ᠃ ᠭᠠᠳᠠᠨ᠎ᠠ ᠪᠠᠨ ᠨᠢᠭᠡ ᠬᠤᠶᠠᠷ ᠠᠯᠠᠭ ᠦᠨᠢᠶ᠎ᠡ ᠳᠡᠵᠢᠭᠡᠭ᠍ᠰᠡᠨ ᠠᠢ᠌ᠯ ᠤᠳ ᠤᠨ ᠬᠤᠯᠠᠩ ᠡᠴᠡ ᠢᠯᠵᠢᠷᠡᠭ᠍ᠰᠡᠨ ᠳᠠᠷᠢᠶᠠᠨ ᠡᠪᠠᠰᠤᠨ ᠤ ᠦᠨᠦᠷ ᠲᠡᠶ ᠣᠳᠤᠭ᠎ᠠ ᠥᠨᠦᠷᠳᠦᠭ᠍ᠳᠡᠨ᠎ᠡ᠃

ᠬᠣᠢ᠌ᠨ᠎ᠠ ᠡᠴᠡ ᠡᠭᠦᠯᠡ ᠳᠤᠯᠤᠭᠠᠢ᠌ᠯᠠᠵᠤ ᠪᠣᠷᠤᠭᠠᠨ ᠣᠷᠤᠬᠤ ᠶᠢᠨ ᠰᠢᠠᠵᠢ ᠮᠡᠳᠡᠭ᠍ᠳᠡᠨ᠎ᠡ᠃ ᠠᠷᠤ ᠡᠴᠡ ᠨᠢ ᠮᠠᠩᠬ᠎ᠠ ᠳᠠᠷᠤᠵᠤ᠂ ᠬᠤᠷᠢᠶᠠᠨ ᠤ ᠬᠠᠭᠠᠰ ᠨᠢ ᠭᠦᠷᠳᠡᠯ᠎ᠡ ᠪᠣᠯᠠᠭᠳᠠᠭᠰᠠᠨ ᠬᠠᠰᠢᠶᠠᠨ ᠳᠤ᠂ ᠳᠠᠭᠤᠵᠤ ᠶᠠᠪᠣᠭᠰᠠᠨ ᠭᠡᠳᠤᠨ ᠬᠤᠨᠢ ᠪᠠᠨ ᠬᠠᠭᠠᠴᠢᠬᠠᠭᠠᠤᠨ᠂ ᠭᠡᠦᠭᠡᠨ ᠤ ᠪᠠᠨ ᠭᠡᠷ ᠣᠷᠤᠭᠤ ᠮᠠᠢ᠌ᠵᠢᠩᠨᠠᠨ ᠭᠡᠯᠳᠦᠷᠢᠪᠡ᠃

ᠭᠡᠷ ᠤᠨ ᠭᠦᠷᠢᠶᠡᠨ ᠤ ᠡᠭᠦᠳᠡᠨ ᠳᠤ ᠢᠷᠡᠭᠡᠳ ᠡᠨᠡ ᠠᠢ᠌ᠯ ᠳᠤ ᠭᠦᠮᠤᠨ ᠦᠭᠡᠶ ᠭᠡᠳᠡᠭ᠌ ᠢ ᠮᠠᠳᠠᠵᠠᠢ᠃ ᠭᠦᠷᠢᠶ᠎ᠡ ᠬᠠᠰᠢᠶ᠎ᠠ ᠨᠢ ᠳᠠᠯᠠᠨ ᠵᠠᠳᠠᠭᠠᠢ᠂ ᠠᠮᠢᠳᠠᠢ ᠶᠢᠨ ᠭᠡᠷ ᠤᠨ ᠭᠢᠨᠢ ᠣᠷᠤᠢ ᠨᠢ ᠴᠤᠭᠤᠷᠠᠵᠤ᠂ ᠣᠨᠢ ᠨᠢ ᠶᠤᠷᠳᠣᠢ᠌ᠨ ᠬᠠᠷᠠᠭᠳᠠᠵᠤ ᠪᠠᠢ᠌ᠨ᠎ᠠ᠃ ᠰᠠᠭᠤᠳᠠᠭ ᠭᠡᠷ ᠤᠨ ᠭᠢᠨᠢ ᠴᠤᠩᠬᠤ ᠡᠭᠦᠳᠡ ᠶᠢ ᠨᠢ ᠪᠠᠭᠤᠯᠭᠠᠵᠤ ᠠᠪᠣᠭᠠᠤᠨ ᠶᠠᠪᠣᠭᠰᠠᠨ ᠪᠣᠯᠤᠯᠳᠠᠢ᠂ ᠬᠤᠭᠤᠰᠤᠨ ᠨᠥᠭᠡ ᠬᠠᠩᠬᠠᠢ᠌ᠨ᠂ ᠨᠢᠭᠡ ᠯᠠ ᠶᠤᠷᠤ ᠮᠠᠭᠤ ᠲᠡᠶ ᠬᠠᠷᠠᠭᠳᠠᠨ᠎ᠠ᠃

ᠰᠡᠳᠡᠷᠭᠡᠢ ᠭᠦᠷᠢᠶᠡᠨ ᠤ ᠪᠣᠯᠤᠩ ᠳᠤ ᠠᠮᠤ ᠬᠠᠭᠤᠷᠳᠠᠭ ᠬᠠᠷ᠎ᠠ ᠰᠢᠷᠠᠮᠤᠨ ᠳᠤᠭᠤᠭ᠎ᠠ ᠨᠢ ᠡᠮᠳᠡᠷᠡᠵᠤ᠂ ᠬᠠᠵᠠᠭᠤ ᠳᠤ ᠮᠠᠯ ᠤᠨ ᠶᠠᠰᠤ ᠰᠠᠪᠠᠯᠠᠭᠰᠠᠨ ᠮᠠᠭᠤ ᠮᠠᠳᠠᠢ ᠡᠴᠡ ᠬᠠᠷ᠎ᠠ ᠳᠤᠰᠤ ᠳᠠᠭᠠᠭᠠᠵᠤ ᠭᠠᠷᠤᠭᠰᠠᠨ ᠪᠠᠢ᠌ᠨ᠎ᠠ᠃

ᠪᠣᠷᠤᠭᠠᠨ ᠨᠢᠭᠡ ᠬᠤᠶᠠᠷ ᠶᠢᠡᠷ ᠳᠤᠰᠤᠯᠠᠵᠤ ᠪᠠᠢ᠌ᠭᠰᠠᠨ ᠶᠢᠡᠨ ᠰᠢᠷᠦᠭᠦᠰᠴᠤ ᠡᠭᠢᠯᠡᠪᠡ᠃

ᠭᠡᠷ ᠲᠤ ᠣᠷᠤᠬᠤ ᠳᠤ᠂ ᠬᠠᠨᠠᠨ ᠳᠡᠭᠡᠷ᠎ᠡ ᠡᠯᠭᠦᠭᠡᠰᠦᠳᠡᠢ ᠭᠡᠪ ᠶᠢᠡᠷ ᠨᠢ ᠣᠷᠭᠢᠭᠰᠠᠨ ᠴᠢᠩᠭᠢᠰ ᠤᠨ ᠭᠦᠷᠦᠭ᠌ ᠭᠦᠷᠭᠦᠮᠰᠦᠸ᠎ᠡ ᠶᠢ ᠵᠢᠮᠡᠯᠡᠩᠭᠦᠢ ᠨᠢᠳᠤ ᠪᠠᠷ ᠬᠠᠷᠠᠵᠤ ᠪᠠᠢ᠌ᠭ᠎ᠠ ᠶᠤᠮ ᠰᠢᠭ ᠳᠤᠳᠤ ᠡᠴᠡ ᠳᠤᠳᠤ ᠥᠵᠡᠭ᠍ᠳᠡᠵᠡᠢ᠃

᠊᠊᠊᠊᠊᠊᠊᠊᠊᠊᠊᠊᠊᠊᠊ ᠣᠢ᠌ᠯᠠᠷ᠂ ᠣᠢ᠌ᠯᠠᠷ ︕ ᠁ ᠣᠳᠤ ᠶᠢᠨ ᠬᠡᠦᠬᠡᠳ ᠤᠳ ᠣᠬᠠᠭ᠎ᠠ ᠪᠣᠳᠤᠯ ᠦᠭᠡᠶ ᠶᠢ ᠪᠣᠭᠳᠠ ᠡᠵᠡᠨ ᠮᠢᠨᠢ ᠪᠣᠯᠭᠤᠭᠠᠵᠤ ᠬᠠᠢ᠌ᠷᠠᠯᠠ︕ ᠬᠡᠦᠬᠡᠳ ᠤᠳ ᠡᠨᠡ ᠮᠠᠶ‍ᠢᠭ ᠶᠢᠡᠷ ᠥᠭᠡᠳᠡᠯᠡᠭᠦ ᠯᠠ ᠶᠤᠮ ᠪᠠ︕ ᠣᠮ ᠮᠠᠨᠢ ᠪᠠᠤᠨ ᠮᠠᠢ ᠬᠤᠡᠭ᠌︕ ᠁ ᠭᠡᠵᠤ ᠠᠮᠠᠨ ᠳᠤᠳᠤᠷ᠎ᠠ ᠪᠠᠨ ᠳᠦᠳᠦᠨᠡᠭᠡᠳ᠂ ᠴᠢᠩᠭᠢᠰ ᠤᠨ ᠭᠦᠷᠦᠭ᠌ ᠲᠤ ᠮᠦᠷᠭᠦᠵᠤ᠂ ᠰᠠᠨᠠᠭ᠎ᠠ ᠨᠢ ᠪᠠᠭ᠎ᠠ ᠠᠭᠤᠵᠢᠷᠠᠪᠠ ᠪᠣᠯᠤᠯᠳᠠᠢ ᠣᠷᠳᠤ ᠭᠡᠭ᠍ᠴᠢ ᠶᠢᠨ ᠰᠡᠭᠦᠷᠡᠰᠦᠯᠡᠪᠡ᠃ ᠭᠡᠷ ᠤᠨ ᠠᠳᠠᠷ ᠢ ᠳᠠᠭᠠᠵᠤ ᠠᠭᠠᠯᠵᠢᠨ ᠳᠤᠤᠷ ᠨᠠᠪᠰᠠᠨ᠂ ᠬᠠᠩᠵᠤᠨ ᠳᠡᠭᠡᠷ᠎ᠡ ᠰᠠᠭᠤᠭᠰᠠᠨ ᠵᠤᠵᠠᠭᠠᠨ ᠳᠤᠭᠤᠰᠤᠨ ᠳᠡᠭᠡᠭᠦᠷ ᠬᠤᠷᠤᠬᠠᠢ᠌ᠳ ᠤᠨ ᠰᠦᠯᠵᠢᠨ ᠭᠦᠶ‍ᠦᠭ᠍ᠰᠡᠨ ᠮᠦᠷ ᠤᠳ ᠬᠠᠷᠠᠭᠳᠠᠨ᠎ᠠ᠃ ᠭᠡᠷ ᠤᠨ ᠮᠤᠬᠤᠷ ᠳᠠᠭᠢ ᠳᠠᠰᠤᠷᠠᠬᠠᠢ ᠰᠢᠷᠢᠳᠡᠭ᠌ ᠳᠡᠭᠡᠷ᠎ᠡ ᠣᠭᠤᠯᠢ ᠶᠢᠨ ᠦᠳᠦ ᠪᠣᠭᠰᠤᠭᠠᠢ᠌ᠷᠠᠨ ᠰᠡᠨᠡᠭ᠌ ᠰᠡᠨᠡᠭ᠌ ᠦᠯᠢᠶᠡᠭᠦ ᠰᠠᠯᠭᠢᠨ ᠳᠤ ᠠᠮᠢ ᠣᠷᠤᠵᠤ ᠪᠠᠢ᠌ᠭ᠎ᠠ ᠶᠤᠮ ᠰᠢᠭ ᠣᠪᠣᠭ ᠣᠪᠣᠭ ᠭᠦᠳᠡᠯᠤᠨ᠎ᠡ᠃ ᠬᠤᠷᠤᠬᠠᠢ ᠳᠤ ᠢᠳᠡᠭ᠍ᠳᠡᠭ᠍ᠰᠡᠨ ᠣᠨᠢ ᠨᠢᠷᠤᠭᠤᠨ ᠡᠴᠡ ᠳᠤᠭᠤᠰᠤ ᠰᠤᠪᠣᠵᠤ᠂ ᠡ᠊ᠨᠳᠡ ᠣᠷᠤᠭᠰᠢᠨ ᠠᠮᠢᠳᠤᠷᠠᠭᠰᠠᠤᠨ ᠨᠢ ᠡᠭ᠍ᠳᠡᠭᠦᠤ ᠭᠦᠷᠭᠡᠳᠡᠭ᠌ ᠬᠤᠷᠤᠬᠠᠢ ᠰᠢᠪᠠᠵᠢ ᠯᠠ ᠪᠠᠢ᠌ᠯ᠎ᠠ᠃

ᠲ᠋ᠤᠰᠢᠶ᠎ᠠ ᠨᠢ ᠰᠠᠯᠪᠠᠷᠠᠭᠢ ᠡᠷᠭᠢᠨᠡᠭ᠌ ᠳᠡᠭᠡᠷ᠎ᠡ ᠡᠴᠡ ᠬᠤᠭᠤᠷᠠᠭᠢ ᠯᠠ ᠣᠯᠵᠤ᠂ ᠡᠪᠦᠷ ᠶᠢᠡᠨ ᠠᠭᠤᠳᠠᠯᠠᠵᠤ ᠠᠭᠤᠳᠠᠯᠠᠭᠠᠤᠨ ᠴᠣᠢ᠌ᠳᠧᠩ ᠭᠠᠷᠭᠠᠵᠤ ᠠᠰᠠᠭᠠᠪᠠ᠃

ᠭᠦᠷᠭᠦᠮᠰᠦᠸ᠎ᠡ ᠡᠵᠢ ᠭᠡᠷ ᠤᠨ ᠮᠤᠬᠤᠷ ᠡᠴᠡ ᠬᠤᠭᠤᠷᠠᠭᠢ ᠪᠠᠷᠢᠭᠤᠯ ᠲᠡᠶ ᠬᠠᠪᠬᠠᠭᠠᠰᠤ ᠦᠭᠡᠶ ᠴᠠᠢ᠌ᠷ ᠬᠤᠤ ᠪᠠᠢ᠌ᠭᠰᠠᠨ ᠢ ᠠᠪᠣᠭᠰᠠᠨ ᠶᠢᠡᠨ ᠭᠡᠷ ᠡᠴᠡ ᠭᠠᠷᠴᠤ ᠡᠮᠳᠡᠷᠭᠡᠢ ᠰᠢᠷᠠᠮᠤᠨ ᠳᠤᠭᠤᠭᠠᠨ ᠤ ᠵᠥᠭ᠌ ᠪᠣᠷᠤᠭᠠᠨ ᠳᠤ ᠳᠠᠪᠳᠤᠳᠠᠯ᠎ᠠ ᠨᠤᠷᠤᠨ ᠪᠠᠢ᠌ᠵᠤ ᠣᠴᠢᠯ᠎ᠠ᠃

᠊᠊᠊᠊᠊᠊᠊᠊᠊᠊᠊᠊᠊᠊᠊ ᠵᠠ ᠣᠰᠤ ᠲᠡᠶ ᠪᠣᠯᠴᠢᠬᠠᠯ᠎ᠠ᠂ ᠠᠷᠭᠠᠯ ᠨᠢ ᠴᠤ ᠴᠢᠭᠢᠭ᠌ ᠲᠡᠶ ᠶᠤᠮ ᠪᠠᠢ᠌ᠨ᠎ᠠ᠂ ᠬᠤᠮᠤᠯ ᠪᠠᠢ᠌ᠳᠠᠭ ᠪᠣᠯᠪᠠ ᠦᠦ︖ ᠭᠡᠵᠤ ᠶᠠᠷᠢᠭᠰᠠᠨ ᠶᠢᠡᠨ ᠵᠤᠬᠠᠨ ᠤ ᠳᠡᠷᠭᠡᠳᠡ ᠭᠢ ᠤᠪᠤᠭᠠᠯᠭᠠᠰᠦᠳᠡᠢ ᠠᠷᠭᠠᠯ ᠡᠴᠡ ᠡᠷᠢᠵᠤ ᠡᠷᠢᠭᠡᠳ ᠬᠤᠷᠠᠭᠠᠨ ᠪᠦᠭᠡᠷ᠎ᠡ ᠡᠴᠡ ᠪᠠᠭ᠎ᠠ ᠯᠠ ᠶᠡᠭᠡ ᠰᠢᠭ᠌ ᠬᠤᠮᠤᠯ ᠣᠯᠵᠤ᠂ ᠵᠢᠭᠠᠬᠠᠨ ᠵᠢᠭᠠᠬᠠᠨ ᠳᠠᠯᠠᠯᠠᠨ ᠬᠤᠪᠢᠶᠠᠵᠤ ᠴᠣᠢ᠌ᠳᠧᠩ ᠰᠢᠳᠠᠭᠠᠨ ᠣᠩᠭ᠋ᠠᠰᠬᠠᠵᠤ᠂ ᠦᠯᠢᠶᠠᠵᠤ ᠦᠯᠢᠶᠡᠭᠡᠳ ᠰᠢᠳᠠᠭᠠᠵᠤ ᠳᠡᠭᠡᠷ᠎ᠡ ᠡᠴᠡ ᠨᠢ ᠠᠷᠭᠠᠯ ᠶᠢᠡᠨ ᠦᠷᠤᠪᠠ᠃ ᠭᠡᠷ ᠲᠤ ᠪᠦᠯᠢᠶᠡᠨ ᠠᠭᠤᠷ ᠨᠠᠪᠴᠢᠵᠤ᠂ ᠴᠠᠢ᠌ᠷ ᠬᠤᠤ ᠵᠢᠩᠭᠡᠨᠡᠵᠤ ᠡᠭᠢᠯᠡᠪᠡ᠃

ᠭᠦᠷᠭᠦᠮᠰᠦᠸ᠎ᠡ ᠡᠵᠢ ᠳᠠᠯᠢᠩ ᠡᠴᠡ ᠪᠠᠨ ᠬᠤᠯᠳᠤᠯᠤᠭᠰᠠᠨ ᠴᠠᠢ᠂ ᠳᠠᠭᠠᠷᠴᠤᠭ ᠲᠡᠶ ᠳᠠᠪᠣᠰᠤ ᠭᠠᠷᠭᠠᠵᠤ ᠣᠰᠤᠨ ᠳᠠᠭᠠᠨ ᠣᠢ᠌ᠯ᠎ᠠ᠃ ᠭᠡᠷ ᠲᠤ ᠴᠠᠢ ᠶᠢᠨ ᠬᠠᠩᠬᠤ ᠳᠠᠳᠠᠭᠰᠠᠨ ᠦᠨᠦᠷ ᠭᠠᠷᠴᠤ ᠴᠠᠢ ᠪᠣᠴᠠᠯᠪᠠ᠃

ᠭᠦᠢᠳᠡᠨ ᠰᠠᠯᠭᠢ᠂ ᠵᠠᠳᠠᠭᠠᠢ ᠴᠤᠩᠬᠤ ᠡᠭᠦᠳᠡ ᠪᠠᠷ ᠬᠠᠤᠭᠢᠵᠤ᠂ ᠳᠡᠭ᠍ᠷᠢ ᠳᠤᠩᠭ᠋ᠤᠳᠤᠨ᠂ ᠭᠢᠯᠪᠠᠭ᠎ᠠ ᠴᠠᠢ᠌ᠯᠵᠠᠨ᠂ ᠪᠣᠷᠤᠭ᠎ᠠ ᠰᠠᠭᠤᠯᠠᠭ᠎ᠠ ᠰᠠᠪᠠ ᠪᠠᠷ ᠴᠢᠤᠠᠬᠤᠵᠤ ᠪᠠᠢ᠌ᠭ᠎ᠠ ᠶᠤᠮ ᠰᠢᠭ ᠣᠷᠤᠨ᠎ᠠ᠃

ᠴᠠᠢ ᠣᠤᠭᠤᠵᠤ ᠪᠠᠶ᠎ᠠ ᠶᠢᠨ ᠴᠢᠯᠡᠭᠡ ᠪᠠᠨ ᠭᠠᠷᠭᠠᠭᠰᠠᠨ ᠭᠦᠷᠭᠦᠮᠰᠦᠸ᠎ᠡ ᠡᠵᠢ ᠶᠢᠨ ᠪᠣᠳᠤᠯ ᠳᠤ ᠵᠢᠷᠠᠨ ᠵᠢᠯ ᠤᠨ ᠡᠮᠤᠨ᠎ᠡ ᠪᠣᠯᠵᠤ ᠥᠩᠭᠡᠷᠡᠭ᠍ᠰᠡᠨ ᠪᠣᠷᠤᠭᠠᠨ ᠲᠡᠶ ᠡᠳᠦᠷ᠂ ᠦᠨᠦᠳᠤᠷ ᠪᠣᠯᠵᠤ ᠯᠠ ᠪᠠᠢ᠌ᠭ᠎ᠠ ᠶᠤᠮ ᠰᠢᠭ ᠪᠣᠳᠤᠭᠳᠠᠨ᠎ᠠ ᠁ ᠠᠳᠤᠭᠤᠨ ᠤ ᠪᠠᠨ ᠠᠷᠤ ᠡᠴᠡ ᠳᠠᠪᠭᠢᠵᠤ ᠶᠠᠪᠣᠭᠰᠠᠨ ᠳᠠᠰᠢᠳᠤᠷᠵᠢ ᠨᠢ᠄

᠊᠊᠊᠊᠊᠊᠊᠊᠊᠊᠊᠊᠊᠊᠊ ᠮᠠᠷᠭᠠᠰᠢ᠂ ᠮᠠᠷᠭᠠᠰᠢ ᠶᠢᠨ ᠪᠠᠭ᠎ᠠ ᠦᠳᠡ ᠳᠤ 《ᠠᠳᠤᠭᠤᠨ ᠬᠤᠤᠠᠳᠤᠭ》 ᠳᠡᠭᠡᠷ᠎ᠡ ᠠᠭᠤᠯᠵᠠᠶ᠎ᠠ ᠭᠡᠵᠤ ᠬᠠᠰᠭᠢᠷᠤᠭᠠᠤᠨ᠂ ᠣᠨᠤᠭᠰᠠᠨ ᠮᠤᠷᠢ ᠪᠠᠨ ᠳᠠᠪᠢᠷᠠᠨ᠂ ᠪᠣᠷᠤᠭᠠᠨ ᠤ ᠳᠤᠮᠳᠠᠭᠤᠷ ᠬᠤᠯᠠᠳᠠᠵᠤ ᠶᠠᠪᠣᠬᠤ ᠨᠢ ᠬᠠᠷᠠᠭᠳᠠᠪᠠ᠃

ᠮᠠᠷᠭᠠᠰᠢ ᠨᠢ ᠪᠣᠷᠤᠭ᠎ᠠ ᠣᠷᠤᠭᠰᠠᠭᠠᠷ ᠯᠠ ᠪᠠᠢ᠌ᠯ᠎ᠠ᠃ ᠵᠠᠯᠠᠭᠤ ᠨᠠᠰᠤᠨ ᠤ ᠪᠠᠨ ᠳᠤᠷᠠᠯᠠᠯ ᠤᠨ ᠭᠠᠯ ᠳᠤ ᠨᠤᠴᠤᠨ ᠰᠢᠳᠠᠵᠤ ᠪᠠᠢ᠌ᠭᠰᠠᠨ ᠠᠷᠪᠠ ᠶ‍ᠢᠰᠦᠭᠡᠨ ᠨᠠᠰᠤᠳᠠᠢ ᠭᠦᠷᠭᠦᠮᠰᠦᠸ᠎ᠡ ᠶᠢ ᠰᠢᠷᠦᠭᠦᠨ ᠪᠣᠷᠤᠭ᠎ᠠ ᠬᠠᠰᠢᠵᠤ ᠴᠢᠳᠠᠭ᠎ᠠ ᠦᠭᠡᠶ᠃ 《ᠠᠳᠤᠭᠤᠨ ᠬᠤᠤᠠᠳᠤᠭ》 ᠳᠡᠭᠡᠷ᠎ᠡ ᠣᠨᠠᠨ ᠳᠤᠰᠤᠨ ᠶᠠᠪᠣᠵᠤ ᠭᠦᠷᠭᠦ ᠳᠤ ᠳᠠᠰᠢᠳᠤᠷᠵᠢ ᠠᠬ᠎ᠠ ᠨᠢ ᠪᠠᠢ᠌ᠭ᠎ᠠ ᠦᠭᠡᠶ᠃

《ᠠᠳᠤᠭᠤᠨ ᠬᠤᠤᠠᠳᠤᠭ》 ᠊ᠤᠨ ᠳᠡᠷᠭᠡᠳᠡ ᠭᠢ ᠳᠡᠭᠡᠷ᠎ᠡ ᠨᠢ ᠰᠢᠳᠠᠷ᠎ᠠ ᠶᠢᠨ ᠭᠦᠯᠭᠡ ᠵᠢᠷᠤᠭᠰᠠᠨ ᠬᠠᠪᠳᠠᠭᠠᠢ ᠴᠢᠯᠠᠭᠤᠨ ᠤ ᠳᠤᠤᠷ᠎ᠠ ᠭᠦᠭᠡ ᠳᠠᠪᠣᠤ ᠳᠡᠷᠯᠢᠭ᠌ ᠲᠤ ᠦᠪᠡᠷ ᠤᠨ ᠶᠢᠡᠨ ᠴᠢᠮᠡᠭ᠌ ᠪᠣᠯᠭᠠᠨ ᠡᠳ᠋ᠯᠡᠳᠡᠭ᠌ ᠦᠨᠡᠩᠭᠢ ᠱᠢᠷᠤ᠂ ᠮᠥᠩᠭᠦᠨ ᠴᠢᠮᠡᠭ᠌ ᠲᠡᠶ ᠮᠠᠨᠤᠬᠤᠨ ᠭᠦᠭᠦᠦᠷ ᠶᠢᠡᠨ ᠴᠤᠭᠯᠠᠵᠤ ᠳᠠᠯᠪᠢᠭᠰᠠᠨ ᠪᠠᠢ᠌ᠯ᠎ᠠ᠃

ᠭᠦᠷᠭᠦᠮᠰᠦᠸ᠎ᠡ ᠡᠳᠦᠷ ᠪᠣᠯᠭᠠᠨ 《ᠠᠳᠤᠭᠤᠨ ᠬᠤᠤᠠᠳᠤᠭ》 ᠣᠷᠤᠭᠤ ᠶᠠᠪᠣᠬᠤ ᠳᠠᠭᠠᠨ᠄

ᠠᠳᠤᠭᠤᠨ ᠳᠠᠭᠠᠨ ᠶᠠᠪᠣᠬᠤ ᠶᠢ ᠮᠢᠨᠢ

ᠪᠠᠢ᠌ᠯᠭᠠᠪᠠᠯ ᠪᠠᠢ᠌ᠯᠭ᠎ᠠ ᠳ᠋ᠤᠤ

ᠠᠮᠠᠷᠠᠭ ᠲᠡᠶ ᠪᠠᠨ ᠵᠤᠯᠭᠠᠬᠤ ᠵᠢ

ᠭᠡᠨ ᠴᠤ ᠪᠠᠢ᠌ᠯᠭᠠᠬᠤ ᠶᠤᠮ ᠳ᠋ᠤᠤ


ᠬᠤᠨᠢᠨ ᠳᠠᠭᠠᠨ ᠶᠠᠪᠣᠬᠤ ᠶᠢ ᠮᠢᠨᠢ

ᠪᠠᠢ᠌ᠯᠭᠠᠪᠠᠯ ᠪᠠᠢ᠌ᠯᠭ᠎ᠠ ᠳ᠋ᠤᠤ

ᠬᠤᠩᠭ᠋ᠤᠷ ᠲᠡᠶ ᠪᠠᠨ ᠵᠤᠯᠭᠠᠬᠤ ᠵᠢ

ᠭᠡᠨ ᠴᠤ ᠪᠠᠢ᠌ᠯᠭᠠᠬᠤ ᠶᠤᠮ ᠳ᠋ᠤᠤ ᠁ ᠭᠡᠵᠤ ᠳᠠᠭᠤᠯᠠᠴᠢᠬᠠᠭᠠᠤᠨ᠂ ᠦᠪᠡᠷ ᠶᠢᠡᠨ ᠬᠣᠢ᠌ᠨ᠎ᠠ ᠡᠴᠡ ᠨᠢ ᠣᠶᠠᠷᠠᠵᠤ ᠨᠢᠯᠪᠣᠰᠤᠨ ᠭᠦᠮᠤᠨ ᠪᠣᠯᠵᠤ ᠳᠠᠢ᠌ᠤᠠᠬᠤᠷᠠᠨ᠎ᠠ᠃

᠁ ᠳᠤᠭᠤᠭ᠎ᠠ ᠰᠢᠭ ᠪᠦᠳᠦᠭᠦᠨ ᠭᠡᠳᠡᠰᠤ ᠲᠡᠶ ᠦᠬᠢᠨ ᠁ ᠬᠡᠦᠬᠡᠳ ᠳᠡᠪᠠᠷᠢᠭ᠍ᠰᠡᠨ ᠵᠠᠯᠠᠭᠤᠬᠠᠨ ᠡᠭᠡᠨᠡᠷ ᠁ ᠵᠢᠭᠠᠬᠠᠨ ᠦᠬᠢᠨ ᠳᠠᠭᠠᠭᠤᠯᠤᠭᠰᠠᠨ ᠭᠦᠭᠡᠷᠦᠭᠦᠨ ᠪᠦᠰᠡᠭᠦᠢ ᠁ ᠢᠷᠠᠵᠤ ᠶᠠᠪᠣᠬᠤ ᠣᠳᠤᠷ ᠨᠡᠭᠦᠳᠡᠯ᠂ ᠠᠳᠤᠭᠤᠴᠢᠳ ᠡᠴᠡ ᠳᠠᠰᠢᠳᠤᠷᠵᠢ ᠶᠢᠨ ᠰᠤᠷᠠᠭ ᠢ ᠳᠤᠭᠤᠯᠬᠤ ᠶᠤᠮ ᠭᠡᠵᠤ ᠭᠦᠰᠡᠨ᠎ᠡ ︕

ᠪᠠᠶ᠎ᠠ᠂ ᠰᠡᠳᠭᠢᠯ᠂ ᠳᠠᠪᠴᠢᠶᠠᠷᠢ ᠪᠠᠷ ᠶᠢᠡᠨ 《ᠦᠯᠦᠰᠦᠭ᠍ᠰᠡᠨ》 ᠠᠳᠤᠭᠤᠨ ᠤ ᠭᠦᠮᠦᠰ ᠤᠨ ᠳᠤᠳᠤᠷ᠎ᠠ ᠬᠤᠷᠸ᠎ᠠ ᠶᠢᠨ ᠰᠠᠢ᠌ᠬᠠᠨ ᠪᠦᠭᠦᠨ ᠢ ᠪᠠᠶ᠎ᠠ ᠳᠡᠭᠡᠨ ᠠᠪᠴᠤ ᠳᠦᠷᠦᠭ᠍ᠰᠡᠨ ᠰᠤᠭᠤ ᠰᠢᠭ ᠭᠦᠭᠡᠷᠦᠭᠦᠨ ᠪᠦᠰᠡᠭᠦᠢ ᠳᠤ ᠬᠤᠷᠭᠤᠳᠠᠵᠤ᠂ ᠭᠦᠴᠤ ᠪᠠᠷ ᠣᠷᠤᠯᠳᠤᠬᠤ ᠭᠡᠵᠤ ᠰᠠᠨᠠᠭ᠎ᠠ ᠪᠣᠯᠳᠠᠭ ᠭᠦᠮᠤᠨ ᠴᠤ ᠪᠠᠢ᠌ᠯ᠎ᠠ᠃ ᠳᠡᠭᠡᠭᠦ ᠳᠤ ᠨᠢ ᠠᠯᠠᠭ ᠬᠤᠶᠠᠷ ᠨᠢᠳᠤᠨ ᠳᠡᠭᠡᠨ ᠵᠠᠢ᠌ᠷ ᠮᠡᠯᠳᠡᠭᠡᠨᠡᠭᠦᠯᠤᠨ ᠪᠠᠢ᠌ᠵᠤ᠄

᠊᠊᠊᠊᠊᠊᠊᠊᠊᠊᠊᠊᠊᠊᠊ ᠳᠠᠨ ᠤ ᠡᠷ᠎ᠡ ᠭᠦᠮᠦᠰ ᠢ ᠭᠡᠯᠡᠭ᠍ᠰᠡᠨ ᠭᠢᠭ᠍ᠰᠡᠨ ᠬᠤᠶᠠᠷ ᠲᠠᠭᠠᠨ ᠡᠵᠡᠨ ᠯᠠ ᠭᠡᠯᠴᠡᠳᠡᠭ᠌᠂ ᠠᠯᠳᠠᠵᠤ ᠣᠨᠤᠳᠠᠭ ᠤᠨ ᠶᠤᠰᠤ ᠶᠢ ᠮᠡᠳᠡᠭᠦ ᠪᠢᠵᠠ ︕ ᠪᠢ ᠱᠥᠭᠦᠭ᠍ᠳᠡᠪᠠᠯ ᠳᠠᠨ ᠤ ᠠᠶ᠎ᠠ ᠪᠠᠷ ᠪᠣᠯᠭᠠᠶ᠎ᠠ︕ ᠁ ᠳᠠ ᠱᠥᠭᠦᠭ᠍ᠳᠡᠪᠠᠯ ᠳᠠᠰᠢᠳᠤᠷᠵᠢ ᠠᠬ᠎ᠠ ᠶᠢᠨ ᠮᠢᠨᠢ ᠰᠤᠷᠠᠭ ᠢ ᠳᠤᠭᠤᠯᠭᠠᠵᠤ ᠦᠭ‍ᠭᠦ ᠶᠢ ᠪᠣᠳᠤ︕ ᠁ ᠭᠡᠵᠤ ᠭᠡᠯᠡᠭᠡᠳ ᠰᠢᠳᠠᠷ᠎ᠠ ᠶᠢᠨ ᠭᠦᠯᠭᠡ ᠵᠢᠷᠤᠭᠰᠠᠨ ᠴᠢᠯᠠᠭᠤᠨ ᠳᠡᠭᠡᠷ᠎ᠡ ᠢᠷᠠᠵᠤ ᠳᠤᠭᠯᠠᠵᠤ ᠡᠭᠢᠯᠡᠨ᠎ᠡ᠃ ᠳᠤᠭᠯᠠᠵᠤ ᠳᠤᠭᠯᠠᠭᠠᠤᠨ ᠭᠦᠷᠭᠦᠮᠰᠦᠸ᠎ᠡ ᠣᠨᠤᠵᠤ᠂ ᠠᠳᠤᠭᠤᠨ ᠤ ᠭᠦᠮᠤᠨ 《ᠠᠮᠠᠯᠠᠯᠳᠠ》 ᠪᠠᠨ ᠠᠪᠴᠤ ᠠᠳᠤᠭᠤᠨ ᠬᠤᠤᠠᠳᠤᠭ ᠡᠴᠡ ᠮᠤᠷᠢ ᠪᠠᠨ ᠣᠰᠤᠯᠠᠭᠠᠤᠨ ᠮᠤᠷᠳᠠᠨ᠎ᠠ᠃ ᠠᠳᠤᠭᠤᠨ ᠤ ᠭᠦᠮᠤᠨ ᠪᠠᠷ᠎ᠠ ᠳᠠᠰᠤᠷᠠᠬᠤ ᠪᠠᠷ ᠳᠤᠭᠯᠠᠭᠠᠮ ᠳᠤ ᠣᠨᠤᠵᠤ᠂ ᠠᠮᠢᠳᠤᠷᠠᠯ ᠳᠤ ᠠᠯᠳᠠᠭᠰᠠᠨ ᠶᠢᠡᠨ ᠮᠠᠳᠠᠵᠤ ᠡᠷᠭᠢᠷᠡᠳᠡᠯ᠎ᠡ ᠣᠭᠢᠯᠠᠳᠠᠭ ᠪᠠᠢ᠌ᠪᠠ᠃

ᠲ᠋ᠠᠰᠢᠳᠤᠷᠵᠢ ᠢᠷᠡᠭᠡᠳ ᠦᠬᠢᠨ ᠤ ᠪᠠᠨ ᠠᠮᠠ ᠪᠠᠨ ᠴᠤ ᠣᠯᠬᠤ ᠦᠭᠡᠶ ᠵᠢᠵᠢᠭ᠍‍ᠬᠡᠨ ᠭᠠᠷ ᠢ ᠨᠢ ᠠᠳᠬᠤᠵᠤ᠂ ᠰᠥ᠋ ᠥᠨᠦᠷᠳᠦᠭᠦ ᠵᠥᠭᠡᠯᠡᠨ ᠵᠤᠯᠠᠢ ᠶᠢ ᠨᠢ ᠦᠨᠦᠰᠴᠤ ᠪᠠᠢ᠌ᠨ᠎ᠠ ᠭᠡᠵᠤ ᠵᠡᠭᠦᠳᠦᠯᠡᠭᠡᠳ ᠰᠠᠷᠠᠨ᠎ᠡ᠃

ᠨᠡᠰᠦᠡᠴᠢᠮᠡᠭ᠌ ᠨᠢ ᠴᠡᠴᠡᠭ᠌ ᠤᠨ ᠳᠤᠮᠳᠠᠭᠤᠷ ᠡᠷᠪᠠᠭᠡᠢ ᠳᠠᠭᠤᠯᠴᠠᠨ ᠭᠦᠶ‍ᠦᠵᠤ᠂ ᠰᠢᠪᠠᠭᠤᠳ ᠤᠨ ᠨᠠᠢ᠌ᠷᠠᠯ ᠭᠦᠭ᠍ᠵᠢᠮ ᠰᠢᠭ᠌ ᠵᠢᠷᠭᠢᠭᠡᠨ ᠳᠤᠮᠳᠠ ᠪᠦᠪᠠᠢ᠌ᠯᠡᠭ᠍ᠳᠡᠨ ᠣᠠᠳᠠᠵᠤ᠂ ᠬᠠᠪᠣᠷ ᠤᠨ ᠲᠦᠯ ᠤᠨ ᠴᠠᠩᠭᠢᠨᠠᠬᠤ ᠳᠠᠭᠤᠨ ᠳᠤ ᠰᠠᠷᠠᠵᠤ᠂ ᠣᠷᠤᠭᠰᠠᠨ ᠪᠣᠤᠷ᠎ᠠ ᠶᠢᠨ ᠰᠢᠳᠤ ᠰᠢᠭ᠌ ᠳᠠᠴᠢᠭᠢᠨᠠᠬᠤ ᠰᠢᠭᠤᠷᠭᠠᠨ ᠶᠢᠡᠷ ᠭᠤᠶᠠᠳᠠᠭᠤᠯᠵᠤ ᠥᠰᠦᠭ᠍ᠰᠡᠨ᠃ ᠭᠡᠵᠢᠶ᠎ᠡ ᠨᠢᠭᠡᠨ ᠡᠳᠦᠷ ᠭᠡᠦᠭᠡᠨ ᠤ ᠮᠢᠨᠢ ᠡᠴᠢᠭᠡ ᠳᠠᠪᠭᠢᠭᠠᠤᠨ ᠢᠷᠠᠨ᠎ᠡ᠂ ᠳᠠᠪᠭᠢᠭᠠᠤᠨ ᠯᠠ ᠢᠷᠠᠨ᠎ᠡ᠂ ᠦᠬᠢᠨ ᠶᠢᠡᠨ ᠥᠨᠦᠰᠦᠭᠦᠯᠤᠨ᠎ᠡ ᠭᠡᠰᠡᠨ ᠭᠦᠯᠢᠶᠡᠯᠳᠡ ᠨᠢ ᠣᠳᠤ ᠪᠣᠯᠳᠠᠯ᠎ᠠ ᠪᠣᠭᠤᠷᠤᠯᠳᠤᠭ᠎ᠠ ᠦᠭᠡᠶ ᠠᠵᠢ᠃

ᠬᠤᠵᠢᠮ ᠨᠢ ᠭᠦᠷᠭᠦᠮᠰᠦᠸ᠎ᠡ 《ᠠᠳᠤᠭᠤᠨ ᠬᠤᠤᠠᠳᠤᠭ》 ᠊ᠤᠨ ᠵᠡᠭᠦᠨ ᠡᠮᠦᠨᠡᠭᠢ ᠳᠠᠪᠰᠠᠩ ᠳᠡᠭᠡᠷ᠎ᠡ ᠦᠬᠢᠨ ᠶᠢᠡᠨ ᠠᠢ᠌ᠯ ᠪᠣᠯᠭᠠᠵᠤ᠂ ᠦᠪᠡᠷ ᠶᠢᠡᠨ ᠬᠠᠷ᠎ᠠ ᠡᠷᠭᠢ ᠶᠢᠨ ᠭᠦᠡᠳᠡᠢ ᠣᠷᠤᠭᠤ ᠨᠡᠭᠦᠭ᠍ᠰᠡᠨ ᠪᠠᠢ᠌ᠯ᠎ᠠ᠃

ᠨᠢᠭᠡ ᠯᠠ ᠨᠣᠢ᠌ᠳᠠᠨ ᠭᠦᠢᠳᠡᠨ ᠶᠠᠭᠤᠮ᠎ᠠ ᠭᠦᠷᠭᠦᠮᠰᠦᠸ᠎ᠡ ᠡᠵᠢ ᠶᠢᠨ ᠭᠠᠷ ᠢ ᠨᠤᠳᠤᠷᠴᠤ ᠨᠣᠢ᠌ᠷ ᠡᠴᠠ ᠨᠢ ᠰᠡᠷᠡᠭᠡᠪᠡ᠃ ᠭᠠᠳᠠᠭ᠎ᠠ ᠦᠣᠷ ᠴᠠᠢ᠌ᠵᠤ ᠡᠭᠢᠯᠡᠵᠡᠢ᠃ ᠭᠦᠷᠭᠦᠮᠰᠦᠸ᠎ᠡ ᠡᠵᠢ ᠣᠭᠵᠢᠨ ᠪᠣᠷᠤ ᠪᠣᠯᠬᠤ ᠶᠢ ᠮᠠᠳᠠᠪᠠ᠃

᠊᠊᠊᠊᠊᠊᠊᠊᠊᠊᠊᠊᠊᠊᠊ ᠮᠠᠭᠤ ᠣᠭᠵᠢᠨ ᠪᠣᠷᠤ ᠮᠢᠨᠢ ᠡᠵᠢ ᠳᠡᠭᠡᠨ ᠢᠷᠡᠭ᠍ᠰᠡᠨ ᠶᠤᠮ ᠦᠦ︖ ᠁ ᠮᠢᠨᠤ ᠨᠡᠰᠦᠡᠴᠢᠮᠡᠭ᠌᠂ ᠮᠠᠭᠤ ᠣᠭᠵᠢᠨ ᠪᠣᠷᠤ ᠮᠢᠨᠢ ᠰᠢᠭ ᠶᠢᠡᠨ ᠢᠷᠡᠴᠢᠭᠡᠭᠦ ᠴᠤ ᠶᠤᠮ ᠪᠢᠯᠠ ᠦᠦ︖ ᠣᠳᠤ ᠶᠠᠭᠠᠭᠢᠵᠤ ᠶᠠᠪᠣᠭ᠎ᠠ ᠶᠤᠮ ᠪᠣᠯ︖ ᠭᠡᠵᠤ ᠭᠡᠯᠡᠭ᠍ᠰᠡᠨ ᠶᠢᠡᠨ ᠣᠭᠵᠢᠨ ᠪᠣᠷᠤ ᠶᠢᠨ ᠶᠢᠡᠨ ᠬᠤᠩᠰᠢᠶᠠᠷ ᠢ ᠠᠯᠠᠭ᠎ᠠ ᠪᠠᠷ ᠶᠢᠡᠨ ᠰᠢᠪᠳᠤᠷᠴᠤ᠂ ᠬᠤᠠᠳᠤᠯᠠᠢ ᠶᠢ ᠨᠢ ᠭᠦᠩᠭᠡᠭᠡᠨ ᠳᠠᠪᠰᠢᠭᠠᠤᠨ ᠳᠠᠯᠢᠩ ᠶᠢᠡᠨ ᠮᠦᠷᠤᠪᠴᠢᠯᠠᠨ ᠭᠡᠷ ᠡᠴᠡ ᠭᠠᠷᠪᠠ᠃

ᠭᠠᠵᠠᠷ ᠳᠡᠯᠡᠭᠡᠢ ᠳᠦᠭᠦᠷᠡᠩ ᠮᠠᠨᠠᠨ ᠪᠣᠳᠠᠩ᠃ ᠦᠴᠦᠭᠡᠳᠦᠷ ᠣᠷᠤᠢ ᠬᠠᠰᠢᠶᠠᠨ ᠳᠤ ᠬᠠᠭᠠᠵᠤ ᠳᠠᠯᠪᠢᠭᠰᠠᠨ ᠬᠤᠨᠢ ᠡᠴᠡ ᠨᠢ ᠭᠤᠷᠪᠠ ᠨᠢ ᠥᠭᠦᠵᠤ᠂ ᠪᠠᠭᠠᠰᠤᠩᠬᠠᠢ ᠰᠢᠯᠪᠢᠳᠤ᠂ ᠳᠤᠯᠪᠣᠳᠤ ᠨᠢ ᠵᠢᠰᠤ ᠪᠠᠷ ᠳᠤᠳᠠᠭᠤ ᠪᠠᠢ᠌ᠪᠠ᠃ ᠭᠦᠷᠭᠦᠮᠰᠦᠸ᠎ᠡ ᠨᠠᠰᠤᠳᠠᠨ ᠤ ᠳᠤᠳᠤᠷ᠎ᠠ ᠨᠢ ᠬᠠᠷᠠᠯᠠᠨ᠂ ᠣᠬᠠᠭ᠎ᠠ ᠪᠠᠯᠠᠷᠠᠵᠤ᠂ ᠮᠠᠨᠠᠨ ᠳᠤᠮᠳᠠ ᠰᠥᠮᠪᠦᠷᠯᠡᠭᠦ ᠣᠪᠣᠭ᠎ᠠ ᠨᠠᠭᠠᠰᠢ ᠨᠢ ᠥᠡᠳᠡᠢ᠌ᠰᠭᠢᠭᠦ ᠰᠢᠤᠬᠠᠨ ᠰᠠᠨᠠᠭᠳᠠᠬᠤ ᠪᠠᠷ ᠬᠣᠢ᠌ᠰᠢ ᠨᠢ ᠬᠤᠶᠠᠷ ᠠᠯᠬᠤᠮ ᠣᠬᠤᠷᠢᠭᠠᠤᠨ ᠡᠪᠦᠳᠦᠭ᠌ ᠶᠢᠡᠷ ᠶᠢᠡᠨ ᠨᠤᠭᠤ ᠤᠢ᠌ᠴᠢᠵᠤ᠂ ᠭᠠᠵᠠᠷ ᠰᠥᠭᠦᠳᠤᠨ ᠰᠠᠭᠤᠬᠤ ᠳᠠᠭᠠᠨ᠄

᠊᠊᠊᠊᠊᠊᠊᠊᠊᠊᠊᠊᠊᠊᠊ ᠭᠦᠷᠭᠦᠮᠰᠦᠸ᠎ᠡ ᠪᠢ︕ ᠁ ᠶᠠᠮᠠᠷ ᠨᠢᠭᠦᠯ ᠤᠨ ᠣᠳᠤᠨ ᠳᠡᠭᠡᠷ᠎ᠡ ᠳᠦᠷᠦᠭ᠍ᠰᠡᠨ ᠶᠤᠮ ᠪᠣᠢ︖ ᠁ ᠭᠡᠵᠤ ᠬᠠᠰᠭᠢᠷᠤᠭᠠᠤᠨ ᠮᠡᠳᠡᠭᠡ ᠠᠯᠳᠠᠪᠠ᠃

ᠪᠣᠷᠬᠠᠨ ᠮᠢᠨᠢ︕ ᠭᠦᠭᠡᠷᠦᠭᠦᠢ ᠡᠨᠡ ᠭᠦᠮᠤᠨ ᠣᠬᠠᠭ᠎ᠠ ᠣᠷᠤᠭᠰᠠᠨ ᠴᠠᠭ ᠡᠴᠡ ᠪᠠᠨ ᠡᠳᠦᠷ ᠤᠨ ᠳᠤᠭ᠎ᠠ ᠪᠠᠷ ᠣᠪᠣᠭ᠎ᠠ᠂ ᠳᠡᠭ᠍ᠷᠢ ᠬᠤᠶᠠᠷ ᠲᠠᠭᠠᠨ ᠢᠳᠡᠭᠡᠵᠤ ᠮᠦᠷᠭᠦᠯ᠎ᠡ᠂ ᠳᠠᠭᠠᠳᠬᠠᠯ᠎ᠠ᠃ ᠵᠠᠯᠠᠭᠤ ᠽᠠᠠᠳᠠᠨ ᠶᠠᠪᠣᠬᠤ ᠳᠤ ᠨᠢ ᠬᠠᠨᠢ᠂ ᠬᠠᠢ᠌ᠷ᠎ᠠ ᠡᠴᠡ ᠨᠢ ᠰᠠᠯᠭᠠᠵᠤ᠂ ᠬᠤᠷᠸ᠎ᠠ ᠳᠡᠭᠡᠷ᠎ᠡ ᠦᠨᠦᠴᠢᠨ ᠦᠷᠦᠭᠡᠰᠤᠨ ᠶᠠᠪᠣᠭᠤᠯᠤᠯ᠎ᠠ᠃ ᠳᠠᠷᠠ ᠵᠤᠪᠠᠯ ᠨᠢᠮᠭᠡᠷᠡᠵᠤ ᠪᠣᠯᠳᠠᠭ ᠶᠤᠮ ᠪᠣᠯ ᠣᠳᠤ ᠡᠯᠡᠭ᠍ᠳᠡᠵᠤ ᠪᠠᠷᠠᠭᠳᠠᠭᠰᠠᠨ ᠪᠠᠢ᠌ᠬᠤ᠃ ᠦᠷ᠎ᠡ ᠶᠢ ᠨᠢ ᠡᠴᠢᠭᠡ ᠶᠢᠨ ᠡᠨᠡᠷᠢᠯ ᠶᠢᠡᠷ ᠳᠤᠳᠠᠭᠤᠯᠵᠤ ᠥᠰᠭᠡᠯ᠎ᠡ᠃ ᠳᠠᠮᠤ ᠭᠡᠵᠤ ᠪᠠᠢ᠌ᠳᠠᠭ ᠪᠣᠯ ᠣᠳᠤ ᠳᠠᠷᠠ ᠠᠮᠢᠳᠤ ᠶᠢᠨ ᠳᠠᠮᠤ ᠴᠠᠢ᠌ᠬᠤ ᠪᠣᠯᠵᠤ ᠪᠠᠢ᠌ᠨ᠎ᠠ᠃ ᠳᠡᠭ᠍ᠷᠢ ᠲᠦᠮᠡᠨ ᠨᠢᠳᠤ ᠲᠡᠶ ᠭᠡᠳᠡᠭ᠌᠂ ᠳᠠᠷᠠ ᠨᠢᠳᠤᠨ ᠳᠤ ᠨᠢ ᠡᠨᠡ ᠭᠦᠮᠤᠨ ᠪᠠᠭᠳᠠᠭ᠎ᠠ ᠦᠭᠡᠶ᠃ ᠦᠬᠢᠨ ᠶᠢᠡᠨ ᠪᠣᠳᠤᠭᠠᠤᠨ᠂ ᠡᠴᠢᠭᠡ ᠶᠢ ᠨᠢ ᠭᠦᠯᠢᠶᠡᠭᠡᠳ᠂ ᠠᠯᠤᠰ ᠲᠤ ᠰᠥᠮᠡᠯᠵᠡᠭᠦ ᠣᠪᠣᠭ᠎ᠠ᠂ ᠳᠡᠭᠦᠨ ᠤ ᠳᠡᠭᠡᠷᠡᠭᠢ ᠭᠦᠨ ᠴᠡᠩᠭᠡᠷ ᠳᠡᠭ᠍ᠷᠢ ᠳᠤ ᠰᠢᠳᠤᠵᠤ᠂ ᠰᠦᠨᠢ ᠨᠢ ᠳᠤᠷᠮᠤᠯᠵᠠᠬᠤ ᠣᠳᠤᠳ ᠢ ᠨᠢ ᠭᠦᠷᠳᠡᠯ᠎ᠡ ᠠᠮᠢ ᠲᠡᠶ ᠪᠣᠯᠭᠠᠨ ᠰᠠᠨᠠᠵᠤ᠂ ᠦᠰᠦ ᠴᠢᠰᠤ ᠪᠠᠷ ᠶᠢᠡᠨ ᠴᠠᠢ᠌ᠵᠤ᠃ ᠣᠳᠤ ᠭᠦᠷᠳᠡᠯ᠎ᠡ ᠠᠮᠢᠳᠤᠷᠠᠯ᠎ᠠ᠃ ᠭᠦᠯᠢᠶᠡᠭᠡᠳ ᠡᠮᠳᠡᠷᠡᠳᠡᠭ᠌ ᠪᠠᠢ᠌ᠭᠰᠠᠨ ᠶᠤᠮ ᠪᠣᠯ ᠭᠦᠷᠭᠦᠮᠰᠦᠸ᠎ᠡ ᠬᠠᠭᠠᠷᠠᠭᠰᠠᠨ᠂ ᠥᠵᠡᠭ᠍ᠳᠡᠭᠦ ᠬᠠᠳᠠᠭᠤ ᠵᠤᠪᠠᠯ ᠢ ᠳᠠᠰᠴᠤ ᠳᠤᠭᠤᠯᠬᠤ ᠳᠤ᠂ ᠬᠠᠷᠠᠭᠳᠠᠬᠤ ᠦᠭᠡᠶ ᠰᠠᠨᠠᠬᠤ ᠶᠢᠨ ᠵᠤᠪᠠᠯ ᠳᠤ ᠳᠠᠷᠠ ᠠᠮᠢᠳᠤ ᠪᠠᠷ ᠶᠢᠡᠨ ᠬᠠᠳᠠᠭᠠᠭᠳᠠᠭᠰᠠᠨ︕ ᠁ ᠠᠮᠢᠳᠤᠷᠠᠯ ᠳᠡᠭᠦᠨ ᠳᠤ ᠪᠦᠷᠭᠦᠭ ᠰᠦᠨᠢ ᠰᠢᠭ᠌ ᠳᠠᠩᠴᠤ ᠪᠠᠷᠭᠡ ᠬᠠᠷᠠᠩᠭ᠋ᠤᠢ ᠬᠠᠠᠳᠤᠵᠤ ᠳ᠋ᠠ︕ ᠁

ᠭᠦᠷᠭᠦᠮᠰᠦᠸ᠎ᠡ ᠶᠢ ᠵᠥᠭ᠌ ᠲᠡᠶ ᠣᠬᠠᠭ᠎ᠠ ᠣᠷᠤᠬᠤ ᠪᠠᠷ 《ᠠᠳᠤᠭᠤᠨ ᠬᠤᠤᠠᠳᠤᠭ᠂ ᠠᠳᠤᠭᠤᠨ ᠬᠤᠤᠠᠳᠤᠭ ᠳᠡᠭᠡᠷ᠎ᠡ ᠣᠴᠢᠨ᠎ᠠ︕ ᠁》 ᠭᠡᠰᠡᠨ ᠭᠠᠭᠴᠠᠬᠠᠨ ᠪᠣᠳᠤᠯ ᠰᠡᠳᠭᠢᠯ ᠳᠤ ᠨᠢ ᠰᠦᠮᠠᠯᠵᠠᠨ ᠦᠯᠡᠳᠡᠭ᠍ᠰᠡᠨ ᠪᠠᠢ᠌ᠪᠠ᠃ ᠣᠯᠠᠨ ᠴᠤ ᠣᠳᠠᠭ᠎ᠠ ᠣᠨᠠᠵᠤ ᠳᠤᠰᠤᠨ᠂ ᠬᠠᠶᠠ ᠮᠥᠯᠭᠦᠭ᠍ᠰᠡᠨ ᠮᠦᠷ ᠶᠢᠡᠨ ᠠᠷᠤ ᠳᠠᠭᠠᠨ ᠦᠯᠡᠳᠡᠭᠡᠭᠡᠳ ᠠᠳᠤᠭᠤᠨ ᠬᠤᠤᠠᠳᠤᠭ ᠳᠡᠭᠡᠷ᠎ᠡ ᠭᠦᠷᠦᠭ᠍ᠰᠡᠨ ᠡᠨᠡ ᠭᠦᠮᠤᠨ ᠭᠦᠷᠭᠦᠮᠰᠦᠸ᠎ᠡ ᠡᠵᠢ ᠪᠠᠢ᠌ᠪᠠ᠃ ᠠᠳᠤᠭᠤᠨ ᠬᠤᠤᠠᠳᠤᠭ ᠮᠠᠩᠬᠠᠨ ᠳᠤ ᠪᠣᠯᠠᠭᠳᠠᠵᠤ᠂ ᠠᠳᠤᠭᠤ ᠣᠰᠤᠯᠠᠳᠠᠭ ᠴᠢᠯᠠᠭᠤᠨ ᠣᠩᠭ᠋ᠤᠴᠠᠨ ᠤ ᠨᠢᠭᠡ ᠥᠡᠴᠦᠭ᠌ ᠮᠠᠩᠬᠠᠨ ᠳᠤᠤᠷ᠎ᠠ ᠡᠴᠡ ᠴᠤᠬᠣᠢ᠌ᠨ 《ᠡ᠊ᠨᠳᠡ ᠬᠤᠤᠠᠳᠤᠭ ᠪᠠᠢ᠌ᠭᠰᠠᠨ ᠶᠤᠮ︕》 ᠭᠡᠵᠤ ᠭᠡᠯᠡᠵᠤ ᠪᠠᠢ᠌ᠪᠠ᠃

ᠭᠦᠷᠭᠦᠮᠰᠦᠸ᠎ᠡ ᠡᠵᠢ᠂ ᠯᠢᠩᠭᠸ᠎ᠠ ᠴᠡᠴᠡᠭ᠌ ᠤᠨ ᠭᠡᠯᠳᠡᠰ ᠳᠡᠭᠡᠷ᠎ᠡ ᠰᠠᠭᠤᠭ᠎ᠠ ᠶᠤᠮ ᠰᠢᠭ᠌ ᠪᠣᠮᠪᠣᠷᠬᠠᠨ ᠴᠤᠮᠴᠣᠢ᠌ᠵᠤ᠂ ᠬᠤᠶᠠᠷ ᠭᠠᠷ ᠶᠢᠡᠨ ᠡᠯᠢᠭᠡᠨ ᠳᠡᠭᠡᠷ᠎ᠡ ᠪᠠᠨ ᠵᠦᠷᠢᠭᠦᠯᠡᠨ᠂ ᠪᠠᠷᠠᠭᠤᠨ ᠭᠠᠷ ᠲᠤ ᠪᠠᠨ ᠮᠥᠩᠭᠦᠨ ᠴᠢᠮᠡᠭ᠌ ᠲᠡᠶ ᠭᠦᠭᠦᠦᠷ ᠶᠢᠡᠨ ᠪᠠᠷᠢᠵᠤ᠂ ᠣᠯᠠᠭᠠᠨ ᠳᠤᠭᠤᠰᠤᠳᠤ ᠡᠨᠡ ᠶ‍ᠢᠷᠳᠢᠠᠴᠤ ᠶᠢ ᠳᠠᠭᠢᠵᠤ ᠬᠠᠷᠠᠬᠤ ᠦᠭᠡᠶ ᠭᠡᠰᠡᠨ ᠶᠤᠮ ᠰᠢᠭ᠌ ᠨᠢᠳᠤ ᠪᠠᠨ ᠳᠠᠰᠤ ᠠᠨᠢᠨ ᠠᠯᠤᠰ ᠰᠥᠮᠡᠯᠵᠡᠭᠦ ᠣᠪᠣᠭᠠᠨ ᠤ ᠵᠥᠭ᠌ ᠨᠠᠮᠠᠠᠴᠢᠯᠠᠵᠤ᠂ ᠴᠢᠯᠠᠭᠤᠨ ᠭᠦᠮᠤᠨ ᠰᠢᠭ᠌ ᠰᠠᠭᠤᠭᠰᠠᠭᠠᠷ᠃

ᠲ᠋ᠡᠷᠭᠡᠳᠡ ᠨᠢ ᠣᠭᠵᠢᠨ ᠪᠣᠷᠤ ᠪᠢᠯᠢᠭ᠍ᠳᠤ ᠭᠦᠷᠦᠭᠡᠰᠤ ᠶᠤᠮ ᠰᠢᠭ᠌ ᠮᠠᠢ᠌ᠯᠠᠨ ᠬᠠᠢ᠌ᠯᠠᠨ ᠪᠠᠢ᠌ᠪᠠ︕ ᠁

ᠲ᠋ᠠᠢᠷᠢ ᠶᠢᠨ ᠪᠠᠷᠠᠭᠤᠨ ᠬᠣᠢ᠌ᠳᠤ ᠬᠠᠶᠠᠭᠠᠨ ᠡᠴᠠ ᠪᠠᠷᠠᠭᠠᠨ ᠡᠭᠦᠯᠡ ᠨᠠᠳᠣᠢ᠌ᠨ ᠬᠠᠷᠠᠩᠭ᠋ᠣᠢ᠌ᠯᠠᠵᠤ᠂ ᠰᠠᠯᠭᠢ ᠬᠣᠢ᠌ᠯᠠᠷᠠᠭᠤᠯᠤᠨ ᠠᠭᠤᠷᠯᠠᠵᠤ ᠪᠠᠷᠣᠢ᠌ᠭᠰᠠᠨ ᠳᠤᠮᠤ ᠭᠦᠮᠤᠨ ᠠᠭᠰᠤᠮ ᠳᠠᠯᠪᠢᠵᠤ᠂ ᠪᠣᠷᠬᠠᠨ ᠳᠠᠢᠷᠢ ᠠᠶᠤᠩᠭ᠋ᠤᠷᠢᠳᠠᠢ ᠳᠤᠩᠭ᠋ᠤᠤᠠᠬᠤ ᠨᠢ ᠶᠠᠭᠤ ᠨᠢᠭᠡ ᠳᠤ ᠭᠤᠮᠤᠳᠠᠨ ᠣᠴᠠᠭᠠᠷᠯᠠᠵᠤ ᠪᠠᠢ᠌ᠬᠤ ᠮᠠᠳᠤ᠃ ᠣᠯᠠᠨ ᠵᠠᠭᠤᠨ ᠠᠳᠤᠭᠤᠳ ᠨᠠᠭᠠᠰᠢ ᠨᠢ ᠦᠶᠡᠷᠯᠠᠨ ᠢᠷᠡᠭᠦ ᠰᠢᠭ᠌ ᠡᠭᠦᠯᠡᠰ ᠬᠤᠷᠠᠯᠳᠤᠵᠤ᠂ ᠳᠡᠭᠦᠨ ᠤ ᠬᠣᠢ᠌ᠨ᠎ᠠ ᠡᠴᠡ ᠠᠳᠤᠭᠤᠨ ᠳᠠᠭᠠᠨ ᠶᠠᠪᠣᠭᠰᠠᠨ ᠭᠦᠮᠤᠨ ᠪᠣᠴᠠᠵᠤ ᠢᠷᠠᠵᠤ ᠪᠠᠢ᠌ᠭ᠎ᠠ ᠰᠢᠭ ᠭᠢᠯᠪᠠᠭᠠᠨ ᠴᠠᠢ᠌ᠯᠵᠠᠨ᠎ᠠ᠃ ᠣᠪᠣᠭ᠎ᠠ ᠳᠠᠢ᠌ᠨ ᠳᠤ ᠶᠠᠪᠣᠭᠠᠤᠨ ᠶᠠᠳᠠᠷᠠᠭᠰᠠᠨ ᠪᠠᠭᠠᠳᠤᠷ ᠡᠷ᠎ᠡ ᠠᠮᠠᠷᠠᠵᠤ ᠠᠮᠠᠷᠠᠭᠠᠤᠨ ᠪᠣᠰᠴᠤ ᠵᠤᠭᠰᠤᠭᠰᠠᠨ ᠶᠤᠮ ᠰᠢᠭ᠌᠂ ᠳᠠᠶᠠᠭᠠᠷ ᠲᠦᠮᠡᠨ ᠳᠡᠭᠡᠨ ᠵᠠᠷᠯᠢᠭ ᠪᠣᠯᠵᠤ ᠪᠠᠢ᠌ᠭ᠎ᠠ ᠴᠤ ᠶᠤᠮ ᠰᠢᠭ᠌︕ ᠁

ᠰᠢᠳᠠᠷ᠎ᠠ ᠶᠢᠨ ᠭᠦᠯᠭᠡ ᠵᠢᠷᠤᠭᠰᠠᠨ ᠬᠠᠪᠳᠠᠭᠠᠢ ᠴᠢᠯᠠᠭᠤᠨ ᠳᠡᠭᠡᠷ᠎ᠡ ᠬᠠᠭᠤᠷᠤᠭᠰᠠᠨ ᠠᠮᠤ᠂ ᠴᠦᠷᠤᠮ᠎ᠠ᠂ ᠬᠠᠳᠠᠭᠠᠭᠰᠠᠨ ᠪᠣᠷᠴᠠ ᠪᠠᠨ ᠡᠪᠯᠢᠭ᠌ ᠦᠷᠤᠨ ᠳᠠᠯᠪᠢᠵᠤ᠂ ᠮᠤᠷᠢ ᠣᠶᠠᠳᠠᠭ ᠭᠠᠳᠠᠰᠤᠨ ᠡᠴᠡ ᠨᠢ ᠰᠠᠮᠪᠠᠢ ᠬᠠᠳᠠᠭ ᠶᠢᠡᠨ ᠵᠠᠩᠭᠢᠤᠠᠴᠠᠢ᠃ ᠵᠠᠯᠠᠭᠤ ᠬᠠᠯᠠᠭᠤᠨ ᠨᠠᠰᠤᠨ ᠳᠠᠭᠠᠨ ᠭᠠᠩᠭ᠋ᠠᠯᠠᠵᠤ ᠪᠠᠢ᠌ᠭᠰᠠᠨ ᠭᠦᠭᠡ ᠳᠠᠪᠣᠤ ᠳᠡᠷᠯᠢᠭ᠌ ᠶᠢᠡᠨ ᠡᠮᠦᠰᠴᠤ᠂ ᠬᠤᠷᠮᠤᠢ ᠨᠢ ᠵᠢᠭᠠᠬᠠᠨ ᠣᠯᠠᠷᠠᠨ ᠦᠷᠴᠢ᠌ᠵᠤ᠂ ᠡᠪᠭᠡᠭᠡᠰᠤ ᠶᠢ ᠨᠢ ᠳᠠᠭᠠᠵᠤ ᠥᠩᠭᠡ ᠨᠢ ᠣᠨᠠᠵᠤ ᠰᠡᠮᠡᠢ᠌ᠭ᠍ᠰᠡᠨ ᠪᠠᠢ᠌ᠯ᠎ᠠ᠃ ᠡᠩᠭᠡᠷ ᠤᠨ ᠭᠢᠨᠢ ᠵᠠᠢ᠌ᠴᠠ ᠪᠠᠷ ᠡᠪᠦᠷᠳᠦᠯᠡᠭ᠍ᠰᠡᠨ ᠴᠢᠩᠭᠢᠰ ᠤᠨ ᠭᠦᠷᠦᠭ᠌ ᠤᠨ ᠨᠢᠭᠡ ᠥᠡᠴᠦᠭ᠌ ᠨᠢ ᠪᠣᠯᠳᠠᠢ᠌ᠨ ᠬᠠᠷᠠᠭᠳᠠᠵᠤ ᠪᠠᠢ᠌ᠪᠠ᠃

ᠨᠢᠯᠪᠣᠰᠤ ᠮᠠᠳᠤ ᠪᠣᠷᠤᠭ᠎ᠠ ᠨᠢᠭᠡ ᠬᠤᠶᠠᠷ ᠶᠢᠡᠷ ᠳᠤᠰᠤᠯᠠᠵᠤ ᠡᠭᠢᠯᠡᠭ᠍ᠰᠡᠨ ᠶᠢᠡᠨ ᠣᠯᠠᠮ ᠴᠤ ᠭᠦᠴᠦᠳᠡᠢ ᠱᠠᠭᠢᠨ ᠣᠷᠤᠵᠤ ᠡᠭᠢᠯᠡᠯ᠎ᠡ ᠁ ᠠᠯᠤᠰ ᠲᠤ ᠭᠦᠷᠡᠩᠳᠦᠵᠤ ᠪᠠᠢ᠌ᠭᠰᠠᠨ ᠣᠪᠣᠭ᠎ᠠ᠂ ᠪᠣᠷᠤᠭᠠᠨ ᠤ ᠳᠤᠮᠳᠠ ᠡᠯᠡᠷ ᠪᠠᠯᠠᠷ ᠬᠠᠷᠠᠭᠳᠠᠵᠤ ᠪᠠᠢ᠌ᠭᠰᠠᠨ ᠶᠢᠡᠨ ᠪᠦᠷ ᠴᠤ ᠬᠠᠷᠠᠭᠳᠠᠬᠤ ᠦᠭᠡᠶ ᠪᠣᠯᠵᠠᠢ ︕ ᠁


ᠵᠤᠬᠢᠶᠠᠭᠴᠢ ᠶᠢᠨ ᠬᠠᠶ‍ᠢᠭ᠄ ᠣᠷᠳᠤᠰ ᠬᠤᠳᠠ

ᠵᠤᠬᠢᠶᠠᠭᠴᠢ᠄ ᠴᠡᠩᠭᠡᠯᠳᠤ
ᠬᠠᠷᠢᠶ᠎ᠠ᠄ ᠥᠭᠥᠯᠡᠯᠭᠡ
ᠳᠠᠷᠤᠮ᠄ 5736
ᠴᠠᠭ᠄ 2010 ᠤᠨ ᠤ 07 ᠰᠠᠷ᠎ᠠ ᠶᠢᠨ 30