ᠴᠢᠨ᠋ᠸ᠎ᠠ ᠶᠢᠨ ᠡᠷᠯᠢᠭ᠌
᠊᠊᠊᠊᠊᠊᠊᠊᠊᠊᠊᠊᠊᠊᠊ ᠨᠠᠭᠠᠴᠤ ᠡᠪᠦᠭᠡ ᠵᠤᠯᠵᠢᠷᠭᠠᠯ ᠤᠨ ᠶᠠᠷᠢᠭᠰᠠᠨ ᠥᠯᠢᠭᠡᠷ

ᠰᠡᠭᠦᠳᠡᠷ ᠣᠷᠳᠤᠰᠴᠤ᠂ ᠨᠠᠷᠠ ᠰᠢᠩᠭᠡᠶᠤ ᠪᠠᠢ᠌ᠶᠤ ᠪᠠᠢ᠌ᠬᠤ ᠳᠤ᠂ ᠪᠣᠷᠭᠠᠰᠤ ᠰᠢᠪᠠᠭ ᠤᠨ ᠳᠤᠮᠳᠠᠭᠤᠷ ᠪᠠᠶ᠎ᠠ ᠪᠠᠨ ᠳᠠᠯᠳᠠᠯᠠᠰᠭᠢᠨ᠂ ᠰᠠᠮ ᠰᠠᠮ ᠱᠤᠩᠰᠢᠭᠰᠠᠨ ᠰᠦᠷᠦᠭ᠌ ᠤᠨ ᠳᠦᠷᠦᠭᠦᠤ ᠳᠠᠯᠳᠤ ᠴᠢᠨ᠋ᠸ᠎ᠠ ᠭᠡᠨᠡᠳᠲᠡ ᠳᠡᠷᠳᠡᠭᠡ ᠭᠦᠳᠦᠯ ᠢ ᠳᠠᠪᠠᠨ ᠳᠤᠮᠤ ᠳᠤᠮᠤ ᠠᠯᠬᠤᠯᠠᠭᠰᠠᠨ ᠮᠦᠷ ᠢ ᠥᠵᠡᠮᠡᠭ᠍ᠴᠡ ᠵᠤᠭᠭᠢᠨ ᠵᠤᠭᠰᠤᠪᠠ᠃ ᠵᠠᠯᠭᠠᠭᠠᠤᠨ ᠶᠡᠭᠡᠳᠡ ᠰᠤᠨᠤᠷ ᠰᠠᠷᠠᠮᠵᠢ ᠲᠡᠶ ᠪᠠᠷ ᠡ᠊ᠨᠳᠡ ᠳᠠᠠᠳᠠ ᠰᠢᠩᠰᠢᠯᠠᠨ᠎ᠡ᠃ ᠡᠳᠡᠭᠡᠷ ᠴᠢᠨ᠋ᠸ᠎ᠠ ᠨᠤᠭᠤᠳ ᠪᠠᠷᠤᠭ ᠬᠤᠶᠠᠷ ᠠᠯᠳᠠ ᠤᠢ᠌ᠷᠠᠳᠬᠤ ᠦᠶᠡᠰ ᠡᠨᠡ ᠮᠦᠷ ᠢ ᠰᠡᠷᠭᠡᠭ᠌ ᠦᠨᠦᠷᠯᠠᠨ ᠳᠠᠨᠢᠵᠤ᠂ ᠳᠡᠭᠡᠷ᠎ᠡ ᠨᠢ ᠭᠢᠰᠭᠢᠭᠦ ᠡᠴᠠ ᠵᠢᠷᠦᠭᠡᠰᠢᠶᠡᠨ᠂ ᠬᠣᠢ᠌ᠨ᠎ᠠ ᠬᠣᠢ᠌ᠨ᠎ᠠ ᠡᠴᠠ ᠪᠠᠨ ᠦᠰᠦᠷᠴᠤ ᠭᠠᠷᠤᠭᠠᠤᠨ᠂ ᠰᠡᠭᠦᠯ ᠶᠢᠡᠨ ᠬᠠᠪᠴᠢᠨ ᠳᠤᠳᠠᠭᠠᠯ᠎ᠠ᠃ ᠡᠨᠡ ᠳᠤᠮᠤ ᠳᠤᠮᠤ ᠠᠯᠬᠤᠯᠠᠭᠰᠠᠨ ᠮᠦᠷ ᠨᠢ ᠭᠡᠨ ᠤ ᠮᠦᠷ ᠪᠣᠯᠴᠢᠬᠠᠪᠠ︖ ᠴᠢᠨ᠋ᠸ᠎ᠠ ᠶᠢᠨ ᠰᠦᠷᠦᠭ᠌ ᠶᠠᠭᠠᠭᠢᠭᠠᠤᠨ ᠳᠡᠭᠡᠳᠡᠯ᠎ᠡ ᠪᠠᠨ ᠠᠶᠤᠳᠠᠭ ᠢ ᠮᠠᠳᠠᠶ᠎ᠠ ᠭᠡᠪᠠᠯ ᠣᠴᠢᠷ ᠶᠠᠪᠣᠳᠠᠯ ᠢ ᠣᠭ ᠢᠵᠠᠭᠤᠷ ᠡᠴᠠ ᠨᠢ ᠳᠤᠷᠠᠳᠬᠤ ᠴᠢᠬᠤᠯᠠ ᠲᠡᠶ᠁

ᠴᠠᠭᠠᠠᠰᠦ᠋ᠮ᠎ᠡ ᠭᠠᠴᠠᠭᠠᠨ ᠤ ᠭᠦᠭᠡᠳᠡᠯ᠎ᠡ ᠶᠢᠨ ᠠᠢ᠌ᠯ ᠤᠳ ᠲᠤ ᠭᠡᠨ ᠤ ᠭᠢᠨ ᠳᠤ ᠨᠢ ᠴᠤ ᠬᠠᠮ ᠳᠠᠮ ᠪᠣᠯᠳᠠᠭ᠂ ᠰᠠᠨᠠᠭ᠎ᠠ ᠴᠠᠢ᠌ᠯᠭᠠᠨ ᠪᠦᠭᠡᠳ ᠰᠡᠳᠭᠢᠯ ᠠᠭᠤᠳᠠᠮ᠂ ᠴᠢᠭᠢ ᠵᠥᠭᠡᠯᠡᠨ ᠮᠦᠷᠳᠡᠭᠡᠨ ᠭᠦᠯ ᠬᠦᠩᠭᠡᠨ᠂ ᠠᠵᠢᠯ ᠳᠤ ᠰᠢᠭᠤᠷᠬᠠᠢ ᠪᠠᠷ ᠦᠯᠦ ᠪᠠᠷᠠᠨ ᠣᠬᠠᠭᠠᠨ ᠴᠢᠳᠠᠪᠣᠷᠢ ᠬᠤᠤᠰᠯᠠᠭᠰᠠᠨ ᠡᠨᠡ ᠭᠦᠮᠤᠨ ᠢ ᠬᠠᠰᠢᠷ ᠮᠠᠯᠴᠢᠨ᠂ ᠨᠠᠷᠠᠳᠤ ᠠᠩᠴᠢᠨ ᠽᠤᠩᠳᠢ ᠭᠡᠳᠡᠭ᠌᠃ ᠳᠠᠳᠠᠨ ᠤ ᠭᠢ ᠭᠡᠵᠤ ᠳᠤᠭᠠᠯᠠᠬᠤ ᠡᠴᠠ ᠭᠡᠳᠤᠨ ᠵᠠᠭᠤᠨ ᠮᠠᠯ ᠲᠡᠶ᠂ ᠳᠠᠭᠤᠯᠠᠬᠤ ᠡᠴᠠ ᠳᠤᠮᠤᠭᠳᠤ ᠰᠠᠢ᠌ᠬᠠᠨ ᠨᠤᠳᠤᠭ ᠲᠡᠶ᠂ ᠳᠤᠷᠠᠰᠬᠤ ᠡᠴᠠ ᠰᠡᠳᠭᠢᠯ ᠶᠢᠡᠨ ᠮᠡᠳᠡᠯᠴᠡᠭ᠍ᠰᠡᠨ ᠠᠢ᠌ᠯ ᠠᠢ᠌ᠮᠠᠭ ᠲᠡᠶ ᠳᠤᠯᠠᠭᠠᠨ ᠪᠦᠯᠢ ᠶᠤᠮ᠃ ᠳᠠᠷᠠ ᠬᠠᠶᠠ ᠡᠨᠡ ᠪᠦᠭᠦᠳᠡ ᠶᠢ ᠰᠠᠨᠠᠭᠠᠯᠵᠠᠬᠤ ᠪᠦᠷᠢ ᠳᠤᠳᠤᠷ᠎ᠠ ᠨᠢ ᠶᠡᠭᠡ ᠯᠠ ᠣᠩᠭ᠋ᠣᠢ᠌ᠵᠤ᠂ ᠭᠦᠰᠡᠯ ᠵᠤᠷᠢᠭ ᠨᠢ ᠭᠦᠪᠴᠢᠯᠡᠭ᠍ᠳᠡᠨ᠂ ᠦᠪᠡᠷ ᠤᠨ ᠡᠷᠭᠡ ᠦᠭᠡᠶ 《ᠳᠡᠭ᠍ᠷᠢ ᠨᠢ ᠴᠡᠩᠭᠡᠷ᠂ ᠳᠡᠭ᠍ᠰᠢ ᠳᠠᠯ᠎ᠠ ᠨᠢ ᠴᠡᠯᠡᠭᠡᠷ᠂ ᠳᠠᠠᠳᠠ ᠰᠠᠭᠤᠭᠰᠠᠤᠨ ᠨᠢ ᠴᠡᠮᠴᠡᠭᠡᠷ᠂ ᠳᠢᠪ ᠳᠡᠯᠡᠭᠡᠢ ᠳᠤ ᠬᠤᠤᠰ ᠦᠭᠡᠶ ᠣᠷᠤᠨ ᠡ︕》 ᠭᠡᠵᠤ ᠭᠠᠭᠴᠠᠭᠠᠷ ᠶᠢᠡᠨ ᠣᠶᠠᠩᠭ᠋ᠠᠯᠠᠵᠤ ᠰᠠᠭᠤᠳᠠᠭ ᠰᠠᠨ︕

ᠴᠠᠭᠠᠠᠰᠦ᠋ᠮ᠎ᠡ ᠶᠢᠨ ᠪᠠᠷᠠᠭᠤᠨ ᠣᠷᠳᠤ ᠵᠠᠪᠰᠠᠷ ᠲᠤ ᠬᠣᠢ᠌ᠰᠢ ᠣᠷᠤᠭᠰᠢ ᠪᠠᠨ ᠠᠷᠪᠠᠭᠠᠤᠨ ᠭᠠᠵᠠᠷ ᠦᠷᠭᠡᠨ᠂ ᠵᠡᠭᠦᠨ ᠡᠴᠠ ᠪᠠᠷᠠᠭᠤᠠᠰᠢ ᠪᠠᠨ ᠦᠷᠭᠦᠯᠵᠢᠯᠡᠭᠡᠳ ᠬᠠᠯᠢᠭᠤᠨ ᠮᠤᠷᠢᠨ ᠭᠤᠤᠯ ᠭᠦᠷᠳᠡᠭ᠌ ᠮᠠᠩᠬ᠎ᠠ ᠪᠠᠯᠠᠷ᠂ ᠪᠣᠷᠭᠠᠰᠤᠨ ᠳᠦᠭᠦᠮ ᠲᠡᠶ ᠣᠯᠠᠭᠠᠨ ᠳᠠᠪᠠᠭ᠎ᠠ ᠶᠢᠨ ᠪᠠᠯᠠᠷ ᠭᠡᠵᠤ ᠪᠣᠢ᠃ ᠣᠷᠳᠤᠰ ᠳᠤᠭᠠᠯᠠᠯ ᠤᠨ ᠳᠠᠪᠤᠨ ᠰᠠᠷ᠎ᠠ ᠶᠢᠨ ᠠᠷᠪᠠᠨ ᠨᠢᠭᠡᠨ ᠤ ᠴᠢᠠᠳᠠᠮᠤᠨᠢ ᠡᠷᠳᠡᠨᠢ ᠳᠡᠯᠭᠡᠷᠡᠵᠤ᠂ ᠳᠡᠭ᠍ᠷᠢ ᠶᠢᠨ ᠡᠯᠴᠢ ᠪᠣᠯᠤᠭᠰᠠᠨ ᠭᠡᠷᠢᠶ᠎ᠡ ᠥᠡᠳᠡᠭᠡᠯᠡᠵᠤ᠂ ᠴᠢᠨ᠋ᠸ᠎ᠠ ᠵᠤᠯᠵᠠᠭᠠᠯᠠᠳᠠᠭ ᠦᠯᠵᠡᠢ ᠲᠡᠶ ᠰᠠᠢ᠌ᠨ ᠡᠳᠦᠷ᠂ ᠡᠨᠡ ᠭᠦᠮᠤᠨ ᠬᠠᠷ᠎ᠠ ᠴᠥᠭᠡᠨᠳᠡᠢ᠂ ᠠᠢ᠌ᠯ ᠡᠷᠦᠭᠡ ᠦᠭᠡᠶ᠂ ᠡᠵᠡᠭᠦᠢ ᠪᠠᠯᠠᠷ ᠤᠨ ᠠᠭᠤᠵᠢᠮ ᠳᠤ ᠭᠤᠷᠪᠠᠨ ᠡᠭᠦᠷ ᠴᠢᠨ᠋ᠸ᠎ᠠ ᠵᠤᠯᠵᠠᠭᠠᠯᠠᠵᠠᠢ᠃ ᠴᠢᠨ᠋ᠸ᠎ᠠ ᠭᠡᠵᠤ ᠬᠤᠷᠴᠠ ᠰᠡᠷᠭᠡᠭ᠌ ᠠᠷᠭ᠎ᠠ ᠣᠬᠠᠭᠠᠨ ᠲᠡᠶ ᠮᠦᠷᠳᠡᠭᠡᠨ ᠰᠤᠨᠤᠷ ᠰᠠᠷᠠᠮᠵᠢ ᠰᠠᠢ᠌ᠳᠠᠢ᠂ ᠬᠠᠵᠠᠭᠤ ᠬᠠᠪᠢᠷᠭ᠎ᠠ ᠪᠠᠨ ᠬᠠᠳᠤᠷᠳᠠᠭ ᠦᠭᠡᠶ ᠵᠡᠷᠭᠡ ᠣᠠᠴᠠᠯᠢᠭ ᠲᠡᠶ ᠶᠤᠮ᠃ ᠡᠨᠡ ᠭᠤᠷᠪᠠᠨ ᠡᠭᠦᠷ ᠴᠢᠨ᠋ᠸ᠎ᠠ ᠣᠯᠠᠭᠠᠨ ᠳᠠᠪᠠᠭ᠎ᠠ ᠶᠢᠨ ᠤᠢ᠌ᠷ᠎ᠡ ᠣᠷᠴᠢᠮ ᠤᠨ ᠭᠦᠮᠤᠨ ᠮᠠᠯ ᠢ ᠨᠢᠭᠡ ᠶᠢ ᠴᠤ ᠠᠯᠠᠵᠤ ᠬᠤᠷᠤᠭᠠᠳᠠᠭ ᠦᠭᠡᠶ᠂ ᠬᠠᠷᠢᠨ ᠶᠠᠷᠤ ᠨᠢ ᠭᠠᠳᠠᠭᠰᠢ ᠬᠤᠯᠠ ᠶᠠᠪᠤᠨ᠂ ᠠᠩ ᠭᠦᠷᠦᠭᠡ ᠭᠢᠵᠤ᠂ ᠢᠳᠠᠰᠢ ᠣᠤᠭᠤᠰᠢ ᠣᠯᠤᠨ᠂ ᠥᠡᠳᠡᠭᠡ ᠵᠤᠯᠵᠠᠭ᠎ᠠ ᠪᠠᠨ ᠳᠡᠵᠢᠭᠡᠳᠡᠭ᠌᠃

ᠬᠠᠪᠣᠷ ᠤᠨ ᠰᠡᠭᠦᠯᠴᠢ ᠶᠢᠨ ᠨᠢᠭᠡᠨ ᠳᠡᠭ᠍ᠷᠢ ᠠᠪᠣ ᠳᠡᠭᠡᠷᠮ᠎ᠡ ᠪᠠᠨ ᠡᠷᠭᠢᠭᠦᠯᠵᠤ ᠪᠠᠢ᠌ᠨ᠎ᠠ ᠭᠡᠮᠡᠷ ᠬᠠᠷ᠎ᠠ ᠰᠠᠯᠭᠢᠨ ᠲᠡᠶ ᠡᠳᠦᠷ ᠭᠦᠭᠡᠳᠡᠯ᠎ᠡ ᠶᠢᠨ ᠽᠤᠩᠳᠢ ᠵᠡᠷᠭᠡ ᠭᠡᠳᠤᠨ ᠠᠢ᠌ᠯ ᠤᠨ ᠭᠡᠰᠡᠭ᠌ ᠬᠤᠨᠢᠳ ᠰᠠᠯᠭᠢᠨ ᠳᠤ ᠣᠷᠤᠭᠤᠳᠠᠭᠰᠠᠭᠠᠷ ᠪᠠᠢ᠌ᠵᠤ᠂ ᠣᠯᠠᠭᠠᠨ ᠳᠠᠪᠠᠭ᠎ᠠ ᠶᠢᠨ ᠪᠠᠯᠠᠷ ᠲᠤ ᠳᠠᠭᠤᠭᠳᠠᠵᠤ ᠢᠷᠠᠪᠠ᠃ ᠴᠢᠨ᠋ᠸ᠎ᠠ ᠶᠢᠨ ᠨᠢᠳᠤ᠂ ᠴᠢᠭᠢ᠂ ᠬᠠᠮᠠᠷ ᠭᠤᠷᠪᠠ ᠡᠭᠦᠨ ᠢ ᠠᠠᠳᠤᠬᠤ ᠶᠤᠰᠤ ᠦᠭᠡᠶ᠃ ᠤᠢ᠌ᠷ᠎ᠡ ᠣᠷᠴᠢᠮ ᠤᠨ ᠠᠢ᠌ᠯ ᠤᠨ ᠮᠠᠯ ᠪᠢᠰᠢ ᠭᠡᠰᠡᠨ ᠢ ᠳᠠᠷᠠ ᠳᠤᠤᠷ᠎ᠠ ᠨᠢ ᠳᠤᠳᠤᠯᠠᠵᠤ᠂ ᠣᠯᠢᠬᠤ ᠳᠠᠭᠤ ᠪᠠᠷ ᠶᠢᠡᠨ ᠳᠤᠭᠢᠶ᠎ᠠ ᠠᠪᠣᠯᠴᠠᠨ᠂ ᠪᠦᠭ᠍ᠰᠡ ᠪᠦᠭ᠍ᠰᠡ ᠪᠠᠨ ᠦᠨᠦᠷᠯᠠᠨ᠂ ᠰᠢᠭᠡᠰᠤ ᠪᠠᠨ ᠰᠡᠭᠦᠯ ᠶᠢᠡᠷ ᠶᠢᠡᠨ ᠰᠠᠴᠤᠭᠰᠠᠭᠠᠷ ᠪᠠᠢ᠌ᠵᠤ᠂ ᠭᠤᠷᠪᠠᠨ ᠡᠭᠦᠷ ᠴᠢᠨ᠋ᠸ᠎ᠠ ᠴᠦᠮ ᠴᠤᠭᠯᠠᠷᠠᠪᠠ᠃ ᠴᠢᠨ᠋ᠸ᠎ᠠ ᠶᠢᠨ ᠴᠡᠷᠢᠭ᠍ᠴᠢᠯᠡᠭ᠍ᠰᠡᠨ ᠳᠠᠭᠠᠷᠢᠯᠳᠠ ᠭᠡᠵᠤ ᠥᠨᠡᠭᠡᠷ ᠬᠠᠴᠢᠨ ᠶᠤᠮ᠃ ᠴᠠᠭ ᠵᠠᠭᠤᠷ᠎ᠠ ᠳᠠᠨᠤᠭ ᠦᠭᠡᠶ ᠣᠯᠠᠨ ᠬᠤᠨᠢ ᠶᠢ ᠠᠯᠠᠬᠤ ᠶᠢ ᠨᠢ ᠠᠯᠠᠵᠤ᠂ ᠢᠳᠡᠭᠦ ᠶᠢ ᠨᠢ ᠢᠳᠠᠨ ᠰᠥᠢᠦᠡᠭᠡᠵᠡᠢ᠃

ᠮᠠᠷᠭᠠᠰᠢ ᠦᠷᠯᠦᠭᠡ ᠨᠢ ᠬᠠᠷ᠎ᠠ ᠡᠷᠳᠡᠭᠦᠷ ᠽᠤᠩᠳᠢ ᠭᠤᠸᠠᠢ ᠭᠦᠤ ᠬᠤᠶᠠᠭᠤᠯᠠ ᠪᠠᠨ᠂ ᠳᠠᠷ᠎ᠠ ᠳᠤᠯᠤᠭᠠᠢ ᠰᠠᠯᠭᠠᠮᠠᠭᠴᠠ᠂ ᠦᠴᠦᠭᠡᠳᠦᠷ ᠤᠨ ᠳᠤᠳᠠᠭᠤ ᠪᠠᠢ᠌ᠭ᠎ᠠ ᠬᠤᠨᠢᠨ ᠤ ᠪᠠᠨ ᠡᠷᠢᠯ ᠳᠤ ᠭᠠᠷᠪᠠ᠃ ᠬᠠᠪᠣᠷ ᠪᠣᠯᠬᠤ ᠳᠤ ᠨᠠᠷᠠ ᠳᠡᠭᠡᠭ᠍ᠰᠢᠯᠡᠨ ᠡᠳᠦᠷ ᠣᠷᠳᠤᠰᠳᠠᠭ ᠨᠢ ᠡᠷᠭᠢᠭᠦ ᠬᠤᠷᠸ᠎ᠠ᠂ ᠡᠭᠡᠯᠵᠢᠯᠡᠭᠦ ᠣᠯᠠᠷᠢᠯ ᠤᠨ ᠵᠢᠮ᠎ᠠ ᠪᠢᠯᠠ᠃ ᠭᠡᠳᠥᠢᠪᠠᠷ ᠴᠠᠭ ᠤᠨ ᠵᠡᠭᠦᠤ ᠠᠷᠠᠢ ᠳᠠᠪᠣ ᠶᠢ ᠵᠢᠭᠠᠵᠤ ᠪᠠᠢ᠌ᠭ᠎ᠠ ᠪᠣᠯᠪᠠᠴᠤ ᠪᠣᠯᠵᠤᠮᠤᠷ ᠰᠢᠪᠠᠭᠤ ᠵᠢᠷᠭᠢᠨ᠂ ᠬᠤᠨᠢ ᠬᠤᠷᠠᠭ᠎ᠠ ᠮᠠᠢ᠌ᠯᠠᠯᠳᠤᠵᠤ᠂ ᠰᠢᠨ᠎ᠡ ᠨᠢᠭᠡ ᠡᠳᠦᠷ ᠡᠭᠢᠯᠡᠭ᠍ᠰᠡᠨ ᠢ ᠠᠯᠢ ᠭᠡᠵᠢᠶᠡᠨᠡᠢ ᠳᠤᠩᠬᠠᠭᠯᠠᠭᠰᠠᠨ ᠪᠠᠢ᠌ᠯ᠎ᠠ᠃ ᠦᠴᠦᠭᠡᠳᠦᠷ ᠤᠨ ᠰᠠᠯᠭᠢᠨ᠂ ᠮᠦᠷ ᠮᠥᠰᠭᠢᠭᠦ ᠠᠷᠭ᠎ᠠ ᠦᠭᠡᠶ ᠪᠣᠯᠭᠠᠭᠰᠠᠨ ᠳᠤᠯᠠ ᠡᠴᠢᠭᠡ ᠭᠦᠤ ᠬᠤᠶᠠᠭᠤᠯᠠ᠂ ᠠᠷᠭ᠎ᠠ ᠪᠣᠰᠤ ᠰᠠᠯᠭᠢᠨ ᠤ ᠠᠮᠠ ᠶᠢ ᠳᠠᠭᠠᠰᠭᠢᠨ᠂ ᠪᠠᠯᠴᠢᠭᠡᠷ ᠤᠨ ᠡᠮᠤᠨ᠎ᠡ ᠥᠵᠦᠭᠦᠷ ᠢ ᠠᠪᠣᠰᠭᠢᠨ᠂ ᠠᠢ᠌ᠯ ᠲᠠᠭᠠᠨ ᠰᠤᠷᠠᠭᠯᠠᠨ ᠶᠠᠪᠣᠯ᠎ᠠ᠃ ᠨᠠᠷᠠ ᠪᠠᠷᠠᠭᠤᠨ᠎ᠠ ᠳᠠᠰᠢᠨ᠂ ᠦᠳᠡ ᠬᠠᠵᠠᠢ᠌ᠬᠤ ᠦᠶᠡᠰ ᠶᠢᠡᠷ ᠣᠯᠠᠭᠠᠨ ᠳᠠᠪᠠᠭ᠎ᠠ ᠶᠢᠨ ᠪᠠᠯᠠᠷ ᠤᠨ ᠨᠢᠭᠡ ᠳᠦᠭᠦᠮ ᠣᠷᠤᠭᠤ ᠣᠷᠤᠬᠤ ᠳᠤ ᠡ᠊ᠨᠳᠡ ᠳᠠᠠᠳᠠ ᠦᠭᠡᠶ ᠨᠤᠤᠰᠤ ᠭᠡᠢ᠌ᠰᠤᠨ᠂ ᠬᠤᠨᠢᠨ ᠤ ᠥᠭᠦᠳᠡᠯ ᠣᠠᠳᠤᠢ ᠰᠤᠠᠳᠤᠢ ᠪᠠᠢ᠌ᠵᠤ᠂ ᠨᠠᠯᠢᠶᠠᠤᠨ ᠣᠯᠠᠨ ᠬᠤᠨᠢ ᠶᠢ ᠠᠯᠠᠬᠤ ᠶᠢ ᠨᠢ ᠠᠯᠠᠵᠤ᠂ ᠢᠳᠡᠭᠦ ᠶᠢ ᠨᠢ ᠢᠳᠡᠭ᠍ᠰᠡᠨ ᠪᠠᠢ᠌ᠪᠠ᠃ ᠡᠨᠡ ᠳᠦᠭᠦᠮ ᠳᠦᠭᠦᠷᠡᠩ ᠴᠢᠰᠤ ᠨᠦᠵᠢ ᠶᠢ ᠥᠵᠡᠭᠡᠳ᠂ ᠽᠤᠩᠳᠢ ᠬᠤᠨᠢᠨ ᠤ ᠪᠠᠨ ᠲᠦᠯᠦᠭᠡ ᠵᠤᠪᠠᠬᠤ ᠶᠢᠨ ᠬᠠᠮᠳᠤ ᠦᠯᠦᠨ ᠴᠢᠨ᠋ᠸ᠎ᠠ ᠶᠢ ᠬᠤᠷᠤᠰᠴᠤ ᠠᠭᠤᠷ ᠭᠢᠯᠢᠩ ᠳᠡᠭ᠍ᠷᠢ ᠳᠤᠯᠪᠠ᠃ ᠳᠠᠷᠠ ᠡᠭᠦᠷᠦᠭ᠍ᠰᠡᠨ ᠠᠪᠠ ᠶᠢᠨ ᠫᠣᠤ ᠪᠠᠨ ᠠᠪᠣᠩᠭ᠋ᠤᠳᠠ᠂ ᠶᠡᠭᠡ ᠰᠠᠯᠭᠢᠨ ᠤ ᠳᠡᠭᠡᠷ᠎ᠡ ᠰᠠᠶ‍ᠢᠬᠠᠨ ᠶᠠᠪᠣᠭᠰᠠᠨ ᠳᠠᠮᠠᠭ᠎ᠠ ᠰᠢᠭ ᠳᠤᠳᠤ ᠮᠦᠷ ᠤᠳ ᠢ ᠮᠥᠰᠭᠢᠭ᠍ᠰᠡᠭᠡᠷ ᠭᠤᠷᠪᠠᠨ ᠡᠭᠦᠷ ᠴᠢᠨ᠋ᠸ᠎ᠠ ᠶᠢᠨ ᠵᠤᠯᠵᠠᠭ᠎ᠠ ᠶᠢ ᠬᠣᠢ᠌ᠨ᠎ᠠ ᠬᠣᠢ᠌ᠨ᠎ᠠ ᠡᠴᠠ ᠨᠢ ᠣᠯᠵᠤ ᠠᠪᠤᠨ᠂ ᠴᠦᠮ ᠢ ᠨᠢᠭᠡ ᠨᠢᠭᠡ ᠪᠠᠷ ᠨᠢ ᠠᠮᠢᠳᠤ ᠪᠠᠷ ᠪᠦᠭ᠍ᠰᠡ ᠣᠷᠤᠭᠤ ᠨᠢ ᠮᠤᠳᠤᠨ ᠰᠢᠭᠠᠠᠴᠠᠭ ᠰᠢᠭᠠᠵᠤ ᠳᠠᠯᠪᠢᠵᠠᠢ᠃ ᠡᠨᠡ ᠵᠡᠷᠭᠡ ᠪᠠᠷ ᠽᠤᠩᠳᠢ ᠶᠢᠨ ᠬᠤᠷᠤᠰᠤᠯ ᠪᠠᠰᠠ ᠳᠠᠢ᠌ᠯᠤᠭᠳᠠᠭᠰᠠᠨ ᠦᠭᠡᠶ᠂ ᠠᠮᠢᠳᠤ ᠥᠯᠡᠳᠡᠭ᠍ᠰᠡᠨ ᠬᠤᠨᠢ ᠪᠠᠨ ᠳᠠᠭᠤᠭᠠᠤᠨ ᠪᠣᠴᠠᠬᠤ ᠵᠠᠮ ᠵᠠᠭᠤᠷ᠎ᠠ ᠪᠠᠨ ᠴᠢᠨ᠋ᠸ᠎ᠠ ᠳᠠᠭᠠᠷᠠᠪᠠᠯ ᠫᠣᠤᠳᠠᠭᠰᠠᠭᠠᠷ ᠪᠠᠢ᠌ᠵᠤ ᠪᠠᠰᠠ ᠨᠠᠯᠢᠶᠠᠤᠨ ᠭᠡᠳᠤ ᠶᠢ ᠣᠰᠠᠳᠬᠠᠵᠠᠢ᠃ ᠡᠨᠡ ᠣᠳᠠᠭ᠎ᠠ ᠴᠢᠨ᠋ᠸ᠎ᠠ ᠽᠤᠩᠳᠢ ᠶᠢ ᠬᠤᠷᠤᠰᠬᠠᠯ᠎ᠠ ᠭᠡᠭᠦ ᠳᠤ ᠽᠤᠩᠳᠢ ᠴᠤ ᠴᠢᠨ᠋ᠸ᠎ᠠ ᠶᠢ ᠭᠠᠰᠠᠯᠭᠠᠵᠤ ᠳᠠᠯᠪᠢᠵᠠᠢ᠃ ᠭᠤᠷᠪᠠᠨ ᠡᠭᠦᠷ ᠵᠤᠯᠵᠠᠭ᠎ᠠ ᠨᠢ ᠶᠠᠮᠠᠷ ᠴᠤ ᠰᠢᠷᠬ᠎ᠠ ᠰᠤᠷᠪᠢ ᠦᠭᠡᠶ ᠪᠠᠷ ᠴᠦᠮ ᠳᠡᠷᠡᠢ᠌ᠭᠡᠳ ᠥᠭᠦᠭ᠍ᠰᠡᠨ ᠢ ᠥᠵᠡᠭ᠍ᠰᠡᠨ ᠴᠢᠨ᠋ᠸ᠎ᠠ ᠨᠤᠭᠤᠳ ᠣᠯᠢᠬᠤ ᠶᠢᠨ ᠶᠡᠭᠡ ᠪᠠᠷ ᠣᠯᠢᠵᠤ᠂ ᠭᠠᠰᠠᠯᠠᠬᠤ ᠶᠢᠨ ᠭᠡᠴᠡᠭᠦᠤ ᠪᠠᠷ ᠭᠠᠰᠠᠯᠠᠵᠤ ᠪᠢᠯᠠ᠃ ᠳᠡᠭᠡᠭᠡᠳ ᠪᠦᠭ᠍ᠰᠡ ᠪᠦᠭ᠍ᠰᠡ ᠪᠠᠨ ᠦᠨᠦᠷᠯᠠᠨ᠂ ᠰᠢᠭᠡᠰᠤ ᠪᠠᠨ ᠰᠡᠭᠦᠯ ᠶᠢᠡᠷ ᠶᠢᠡᠨ ᠰᠠᠴᠤᠭᠰᠠᠭᠠᠷ ᠪᠠᠢ᠌ᠵᠤ᠂ ᠰᠦᠷᠦᠭ᠌ ᠴᠢᠨ᠋ᠸ᠎ᠠ ᠪᠣᠯᠪᠠ᠃ ᠳᠠᠮᠠᠢ ᠣᠳᠠᠯ ᠦᠭᠡᠶ ᠪᠠᠷ ᠨᠠᠷᠠ ᠮᠠᠩᠬᠠᠨ ᠴᠠᠭᠠᠨ᠎ᠠ ᠣᠷᠤᠵᠤ᠂ ᠰᠢᠷ᠎ᠠ ᠪᠦᠷᠦᠢ ᠪᠣᠯᠬᠤ ᠳᠤ ᠳᠠᠯᠳᠤ ᠴᠢᠨ᠋ᠸ᠎ᠠ ᠶᠢᠨ ᠳᠠᠭᠠᠭᠤᠯᠭ᠎ᠠ ᠪᠠᠷ ᠴᠢᠨ᠋ᠸ᠎ᠠ ᠨᠤᠭᠤᠳ ᠽᠤᠩᠳᠢ ᠶᠢᠨ ᠭᠡᠷ ᠢ ᠪᠦᠰᠡᠯᠡᠪᠡ᠃

ᠴᠠᠢ ᠪᠠᠨ ᠣᠤᠭᠤᠵᠤ᠂ ᠳᠠᠮᠠᠭᠢ ᠪᠠᠨ ᠳᠠᠳᠠᠭᠰᠠᠨ ᠽᠤᠩᠳᠢ ᠭᠤᠸᠠᠢ ᠴᠢᠨ᠋ᠸ᠎ᠠ ᠢᠩᠭᠢᠨ᠎ᠡ ᠭᠡᠭ᠍ᠴᠢ ᠶᠢ ᠠᠯᠢ ᠭᠡᠵᠢᠶᠡᠨᠡᠢ ᠪᠠᠷᠤᠭᠯᠠᠵᠤ ᠪᠠᠢ᠌ᠭᠰᠠᠨ ᠳᠤᠯᠠ ᠳᠤᠯᠤᠭᠠᠢ ᠪᠠᠨ ᠮᠡᠭᠡᠵᠢᠰᠭᠢᠭ᠍ᠰᠡᠨ ᠶᠢᠡᠨ᠂ ᠱᠠᠯᠠᠨ ᠭᠡᠷ ᠤᠨ ᠶᠢᠡᠨ ᠡᠭᠦᠳᠡ ᠶᠢ ᠴᠦᠳᠠᠵᠤ᠂ ᠪᠠᠭᠢ ᠰᠢᠷᠡᠯᠡᠭᠦ ᠶᠢᠨ ᠬᠠᠮᠳᠤ ᠬᠠᠨ᠎ᠠ ᠡᠴᠠ ᠡᠯᠭᠦᠭᠡᠰᠤ ᠲᠡᠶ ᠠᠪᠠ ᠶᠢᠨ ᠫᠣᠤ ᠪᠠᠨ ᠠᠪᠴᠤ ᠴᠡᠨᠡᠭᠯᠡᠵᠤ ᠳᠠᠯᠪᠢᠪᠠ᠃ ᠳᠠᠳᠠ ᠭᠤᠷᠪᠠᠭᠤᠯᠠ ᠴᠠᠢ ᠪᠠᠨ ᠣᠤᠭᠤᠵᠤ᠂ 《ᠣᠳᠤ ᠶᠠᠭᠠᠭᠢᠳᠠᠭ ᠯᠠ ᠶᠤᠮ ᠪᠠᠢ᠌ᠨ᠎ᠠ》 ᠭᠡᠰᠡᠨ ᠪᠠᠢ᠌ᠳᠠᠯ ᠲᠡᠶ ᠠᠵᠢᠭ ᠴᠤ ᠦᠭᠡᠶ ᠪᠠᠷ ᠴᠢᠨ᠋ᠸ᠎ᠠ ᠶᠢᠨ ᠣᠯᠢᠬᠤ ᠳᠠᠭᠤᠨ ᠢ ᠴᠢᠩᠨᠠᠵᠤ ᠰᠠᠭᠤᠵᠠᠢ᠃ ᠴᠢᠨ᠋ᠸ᠎ᠠ ᠨᠤᠭᠤᠳ ᠡᠷᠢᠶᠡᠨ ᠪᠠᠷᠢᠶᠠᠨ ᠶᠢᠡᠷ ᠣᠯᠢᠬᠤ ᠶᠢᠨ ᠬᠠᠮᠳᠤ ᠡᠭᠦᠳᠡ ᠶᠢ ᠨᠢ ᠮᠠᠭᠠᠵᠢᠬᠤ ᠵᠡᠷᠭᠡ ᠠᠷᠭ᠎ᠠ ᠪᠠᠷ ᠥᠳᠦᠭᠡᠵᠤ ᠭᠠᠷᠭᠠᠬᠤ ᠶᠢ ᠣᠷᠤᠯᠳᠤᠪᠠ᠃ ᠭᠡᠳᠦᠢ ᠳᠡᠭᠡᠭ᠍ᠰᠡᠨ ᠪᠣᠯᠪᠠᠴᠤ ᠶᠠᠮᠠᠷᠴᠤ ᠴᠢᠮᠡᠭᠡ ᠠᠨᠢᠷ ᠭᠠᠷᠤᠭᠰᠠᠨ ᠦᠭᠡᠶ ᠳᠤᠯᠠ ᠨᠢᠭᠡᠳᠦᠭᠡᠷ ᠠᠯᠬᠤᠮ ᠤᠨ ᠪᠠᠢ᠌ᠯᠳᠤᠬᠤ ᠪᠣᠳᠤᠯᠭ᠎ᠠ ᠨᠢ ᠢᠯᠠᠭᠳᠠᠪᠠ᠃ ᠳᠠᠮᠠᠢ ᠣᠳᠠᠯ ᠦᠭᠡᠶ ᠪᠠᠷ ᠳᠠᠭᠢᠨ ᠱᠠᠯᠠᠨ ᠭᠡᠷ ᠤᠨ ᠭᠢᠨᠢ ᠳᠤᠤᠭᠤᠷ ᠨᠥᠭᠡ ᠮᠠᠯᠳᠠᠨ᠂ ᠬᠤᠶᠠᠳᠤᠭᠠᠷ ᠠᠯᠬᠤᠮ ᠤᠨ ᠪᠠᠢ᠌ᠯᠳᠤᠬᠤ ᠪᠣᠳᠤᠯᠭ᠎ᠠ ᠪᠠᠨ ᠭᠡᠷᠡᠭ᠍ᠵᠢᠭᠦᠯᠵᠤ ᠡᠭᠢᠯᠡᠪᠡ᠃ ᠡᠨᠡ ᠠᠷᠭ᠎ᠠ ᠬᠠᠷᠢᠨ ᠭᠡᠷ ᠲᠤ ᠪᠠᠢ᠌ᠭ᠎ᠠ ᠡᠭᠡ ᠭᠦᠤ ᠬᠤᠶᠠᠭᠤᠯᠠ ᠶᠢ ᠪᠠᠷᠢᠵᠤ ᠳᠠᠯᠪᠢᠬᠤ ᠶᠢ ᠨᠢ ᠠᠯᠳᠠᠭᠤᠯᠤᠨ ᠰᠠᠠᠳᠤᠷᠭᠠᠵᠤ ᠪᠢᠯᠠ᠃ ᠽᠤᠩᠳᠢ ᠶᠠᠭᠠᠷᠠᠵᠤ ᠰᠠᠠᠳᠤᠷᠤᠯ ᠦᠭᠡᠶ ᠪᠣᠰᠴᠤ᠂ ᠬᠠᠨ᠎ᠠ ᠳᠦᠰᠢᠭᠦᠯᠤᠨ ᠳᠠᠯᠪᠢᠭᠰᠠᠨ ᠭᠡᠰᠢᠭᠦᠤ ᠮᠤᠳᠤᠨ ᠡᠴᠠ ᠪᠠᠨ ᠨᠢᠭᠡ ᠶᠢ ᠰᠤᠭᠤᠯᠤᠨ ᠠᠪᠴᠤ᠂ ᠵᠤᠷᠤᠭᠠᠵᠤ ᠥᠵᠦᠭᠦᠷᠯᠡᠨ ᠣᠷᠳᠤ ᠱᠤᠷᠤ ᠵᠠᠰᠠᠭᠠᠤᠨ ᠳᠠᠯᠪᠢᠪᠠ᠃ ᠨᠥᠭᠡ ᠮᠠᠯᠳᠠᠭᠰᠠᠨ ᠴᠢᠨ᠋ᠸ᠎ᠠ ᠶᠢᠨ ᠡᠮᠤᠨ᠎ᠡ ᠬᠤᠶᠠᠷ ᠭᠦᠯ ᠪᠣᠯᠳᠠᠢ᠌ᠬᠤ ᠲᠡᠶ ᠵᠡᠷᠭᠡ ᠽᠤᠩᠳᠢ ᠳᠠᠪ ᠭᠢᠨ ᠪᠠᠷᠢᠵᠤ ᠠᠪᠣᠭᠠᠤᠨ᠂ ᠨᠠᠷᠢᠨ ᠰᠢᠯᠪᠢ ᠶᠢᠨ ᠪᠣᠯᠴᠢᠩ ᠶᠢᠡᠷ ᠨᠢ ᠭᠦᠴᠦᠯᠡᠨ ᠱᠤᠷᠤᠯᠠᠵᠤ ᠳᠡᠭᠡᠭᠯᠡᠪᠡ᠃ ᠳᠠᠷᠠ ᠳᠠᠭᠢᠨ ᠨᠢᠭᠡ ᠠᠶᠠᠭ᠎ᠠ ᠰᠦ᠋ ᠲᠡᠶ ᠴᠠᠢ ᠪᠠᠨ ᠣᠤᠭᠤᠵᠤ᠂ ᠨᠢᠭᠡ ᠳᠤᠭᠤᠭ᠎ᠠ ᠳᠠᠮᠠᠭᠢ ᠪᠠᠨ ᠨᠠᠷᠠᠳᠠᠯ᠎ᠠ᠂ ᠦᠨᠦᠭᠢ ᠨᠠᠷᠢᠨ ᠰᠢᠯᠪᠢ ᠨᠢ ᠭᠡᠷ ᠳᠤᠳᠤᠷ᠎ᠠ᠂ ᠳᠤᠯᠤᠭᠠᠢ ᠨᠢ ᠨᠥᠭᠡᠨ ᠳᠤᠳᠤᠷ᠎ᠠ᠂ ᠶᠡᠭᠡ ᠪᠠᠶ᠎ᠠ ᠨᠢ ᠭᠠᠳᠠᠨ᠎ᠠ ᠪᠠᠢ᠌ᠭ᠎ᠠ᠂ ᠨᠠᠰᠢ ᠴᠤ ᠦᠭᠡᠶ᠂ ᠴᠠᠰᠢ ᠴᠤ ᠦᠭᠡᠶ ᠪᠣᠯᠤᠭᠰᠠᠨ ᠴᠢᠨ᠋ᠸ᠎ᠠ ᠣᠯᠢᠬᠤ ᠡᠴᠠ ᠥᠭᠡᠷ᠎ᠡ ᠶᠠᠮᠠᠷ ᠴᠤ ᠴᠢᠳᠠᠯ ᠦᠭᠡᠶ ᠪᠣᠯᠤᠭᠰᠠᠨ ᠪᠠᠢ᠌ᠪᠠ᠃ ᠽᠤᠩᠳᠢ ᠭᠤᠸᠠᠢ ᠳᠠᠭᠢᠨ ᠭᠦᠰᠡᠷ ᠪᠠᠢ᠌ᠭ᠎ᠠ ᠱᠤᠷᠤᠯᠠᠭᠤᠯᠤᠭᠰᠠᠨ ᠨᠠᠷᠢᠨ ᠰᠢᠯᠪᠢ ᠶᠢ ᠪᠠᠢ᠌ᠴᠠᠭᠠᠵᠤ ᠥᠵᠡᠭ᠍ᠰᠡᠨ ᠤ ᠳᠠᠷᠠᠭ᠎ᠠ ᠡᠭᠡ ᠭᠦᠤ ᠬᠤᠶᠠᠭᠤᠯᠠ ᠶᠢ ᠡᠭᠡᠯᠵᠢᠯᠡᠨ ᠬᠠᠷᠠᠵᠤ ᠢᠨᠢᠶᠡᠮᠰᠦᠭᠯᠡᠭ᠍ᠰᠡᠨ ᠶᠢᠡᠨ᠄ 《ᠵᠠ᠂ ᠣᠳᠤ ᠰᠠᠨᠠᠭ᠎ᠠ ᠠᠮᠤᠷ ᠣᠠᠳᠠᠵᠠᠭᠠᠶ᠎ᠠ︕》 ᠭᠡᠳ ᠭᠤᠷᠪᠠᠭᠤᠯᠠ ᠠᠮᠳᠠᠳᠤ ᠨᠣᠢ᠌ᠷ ᠲᠠᠭᠠᠨ ᠣᠷᠤᠪᠠ᠃ ᠭᠠᠳᠠᠨ᠎ᠠ ᠪᠠᠢ᠌ᠭ᠎ᠠ ᠪᠣᠰᠤᠳ ᠴᠢᠨ᠋ᠸ᠎ᠠ ᠨᠤᠭᠤᠳ ᠣᠯᠢᠭᠰᠠᠭᠠᠷ ᠪᠠᠢ᠌ᠵᠤ᠂ ᠰᠦᠨᠢ ᠶᠢᠨ ᠬᠠᠭᠠᠰ ᠥᠩᠭᠡᠷᠡᠭᠦ ᠳᠤ ᠴᠢᠮᠡᠭᠡ ᠰᠤᠷᠠᠭ ᠦᠭᠡᠶ ᠪᠣᠯᠤᠯ᠎ᠠ᠃

ᠮᠠᠷᠭᠠᠰᠢ ᠦᠷᠯᠦᠭᠡ ᠨᠢ ᠰᠡᠷᠢᠮᠡᠭ᠍ᠴᠡ᠂ ᠪᠦᠰᠡᠭᠦᠢ ᠨᠢ ᠦᠷᠯᠦᠭᠡ ᠶᠢᠨ ᠴᠠᠢ ᠪᠠᠨ ᠴᠢᠨᠠᠨ᠂ ᠡᠴᠢᠭᠡ ᠭᠦᠤ ᠬᠤᠶᠠᠭᠤᠯᠠ ᠴᠢᠨ᠋ᠸ᠎ᠠ ᠶᠢᠨ ᠮᠢᠬ᠎ᠠ ᠴᠢᠨᠠᠬᠤ ᠪᠠᠷ ᠠᠵᠢᠯ ᠶᠢᠡᠨ ᠬᠤᠪᠢᠶᠠᠷᠢᠯᠠᠪᠠ᠃ ᠭᠦᠤ ᠣᠷᠢᠳᠠᠪᠠᠷ ᠬᠠᠯᠳᠤ ᠮᠦᠯᠳᠤ ᠬᠤᠪᠴᠠᠯᠠᠮᠠᠭᠴᠠ᠂ ᠭᠦᠯ ᠨᠢᠴᠦᠭᠦᠨ ᠶᠢᠡᠷ ᠭᠦᠶ‍ᠦᠵᠤ ᠭᠠᠷᠤᠭᠠᠤᠨ ᠦᠵᠡᠯ᠎ᠠ᠃ ᠨᠢᠭᠡ ᠳᠠᠯᠳᠤ ᠴᠢᠨ᠋ᠸ᠎ᠠ ᠬᠤᠶᠠᠷ ᠭᠦᠯ ᠶᠢᠡᠨ ᠱᠤᠷᠤᠯᠠᠭᠤᠯᠤᠭᠠᠤᠨ ᠳᠤᠩ ᠭᠦᠭᠡᠷᠦᠭᠦᠢᠯᠡᠯᠳᠡᠢ ᠴᠢᠷᠠᠢ᠌ᠯᠠᠨ ᠭᠠᠰᠠᠯᠠᠵᠤ ᠪᠠᠢ᠌ᠪᠠ᠃ ᠭᠦᠤ ᠥᠵᠡᠭᠡᠳ ᠰᠢᠳᠤ ᠪᠠᠨ ᠵᠠᠭᠤᠨ ᠬᠤᠷᠤᠰᠴᠤ᠄ 《ᠳᠠᠪᠤᠨ ᠬᠤᠨᠢ ᠶᠢ ᠮᠢᠨᠢ ᠬᠤᠷᠤᠭᠠᠭᠰᠠᠨ ᠡᠨᠡ ᠮᠠᠭᠤ ᠨᠢᠭᠦᠯᠳᠤ ᠶᠢ ᠠᠳᠠᠭ ᠲᠠᠭᠠᠨ ᠳᠠᠪᠣ ᠣᠳᠠᠭ᠎ᠠ ᠳᠠᠮᠤᠯᠠᠵᠤ᠂ ᠳᠠᠷᠠᠭ᠎ᠠ ᠨᠢ ᠡᠷᠯᠢᠭ᠌ ᠳᠤᠨᠢ ᠮᠤᠷᠳᠠᠭᠤᠯᠤᠶ᠎ᠠ》 ᠭᠡᠪᠡ᠃ ᠡᠨᠡ ᠣᠳᠠᠭ᠎ᠠ ᠽᠤᠩᠳᠢ ᠬᠠᠢ᠌ᠷᠠᠳᠤ ᠭᠦᠤ ᠶᠢᠨ ᠶᠢᠡᠨ ᠥᠭᠡ ᠶᠢ ᠵᠥᠪᠰᠢᠶᠡᠷᠡᠭ᠍ᠰᠡᠨ ᠦᠭᠡᠶ᠃ ᠬᠠᠷᠢᠨ ᠥᠭᠡ ᠳᠠᠭᠤ ᠦᠭᠡᠶ ᠪᠠᠷ ᠪᠣᠰᠴᠤ᠂ ᠠᠪᠠ ᠶᠢᠨ ᠫᠣᠤ ᠪᠠᠨ ᠠᠪᠴᠢᠷᠠᠭᠠᠤᠨ᠄ 《ᠣᠳᠤ ᠳᠠᠮᠤᠯᠠᠭᠳᠠᠭᠠᠤᠨ ᠪᠣᠯᠤᠭᠰᠠᠨ ᠰᠢᠤ᠂ ᠥᠭᠦᠭᠦ ᠳᠡᠭᠡᠷ᠎ᠡ ᠨᠢ ᠠᠮᠠᠷᠬᠠᠨ ᠰᠢᠭ ᠵᠢᠷᠭᠠᠯ ᠤᠨ ᠣᠷᠳᠤᠨ ᠳ᠋ᠤᠨᠢ ᠶᠠᠪᠣᠭᠤᠯᠤᠶ᠎ᠠ》 ᠭᠡᠵᠤ ᠭᠡᠯᠡᠭᠦ ᠲᠡᠶ ᠵᠡᠷᠭᠡ 《ᠳ᠋ᠦᠩ》 ᠭᠡᠰᠡᠨ ᠨᠦᠰᠠᠷ ᠳᠠᠭᠤ ᠭᠠᠷᠤᠯ᠎ᠠ᠃ ᠠᠷᠠᠰᠤ ᠶᠢ ᠨᠢ ᠥᠪᠴᠢᠭᠦ ᠪᠣᠯᠬᠤ ᠳᠤ ᠬᠤᠨᠢ ᠨᠢᠳᠤᠯᠠᠵᠤ ᠪᠠᠢ᠌ᠭ᠎ᠠ ᠲᠡᠶ ᠠᠳᠠᠯᠢ ᠪᠠᠷ ᠮᠤᠷᠢᠨ ᠪᠣᠷᠤᠭᠤ ᠳᠠᠯ᠎ᠠ ᠶᠢᠨ ᠡᠮᠤᠨ᠎ᠡ ᠮᠦᠴᠡ ᠡᠴᠠ ᠨᠢ ᠡᠭᠢᠯᠡᠵᠤ᠂ ᠠᠷᠠᠰᠤ ᠶᠢ ᠨᠢ ᠥᠪᠴᠢᠭ᠍ᠰᠡᠨ ᠶᠢᠡᠨ᠄ 《ᠪᠣᠷᠳ᠋ ᠭᠡᠭᠦ ᠳᠤᠭᠤᠰᠤ ᠴᠢᠨᠢ ᠴᠠᠰᠢ ᠪᠠᠨ᠂ ᠪᠣᠶᠠᠨ ᠭᠡᠰᠢᠭ᠌ ᠴᠢᠨᠢ ᠨᠠᠰᠢ ᠪᠠᠨ᠂ ᠳᠦᠷᠢᠮᠡᠭᠡᠢ ᠵᠠᠩ ᠴᠢᠨᠢ ᠴᠠᠰᠢ ᠪᠠᠨ᠂ ᠲᠦᠮᠡᠨ ᠭᠡᠰᠢᠭ᠌ ᠴᠢᠨᠢ ᠨᠠᠰᠢ ᠪᠠᠨ᠁ ᠁》 ᠭᠡᠭᠦ ᠮᠠᠳᠤ ᠪᠠᠷ ᠢᠷᠦᠭᠡᠵᠤ ᠭᠠᠷᠤᠯ᠎ᠠ᠃ ᠠᠷᠠᠰᠤ ᠮᠢᠬ᠎ᠠ ᠶᠢ ᠨᠢ ᠰᠠᠯᠭᠠᠬᠤ ᠭᠡᠭ᠍ᠴᠢ ᠳᠦᠳᠡᠭᠡᠨ ᠵᠠᠭᠤᠷ᠎ᠠ ᠪᠠᠢ᠌ᠵᠤ᠂ ᠴᠢᠨᠠᠵᠤ ᠢᠳᠡᠭ᠍ᠰᠡᠨ ᠪᠦᠭᠦ ᠶᠠᠪᠣᠴᠠ ᠶᠢ ᠡ᠊ᠨᠳᠡ ᠥᠭᠦᠯᠡᠪᠠᠰᠤ ᠦᠮᠦᠳᠦ ᠪᠠᠨ ᠳᠠᠢ᠌ᠯᠴᠢᠬᠠᠭᠠᠤᠨ ᠣᠩᠭ᠋ᠤᠭᠰᠠᠨ ᠰᠢᠭ ᠢᠯᠡᠭᠦᠴᠡ ᠶᠠᠪᠣᠳᠠᠯ ᠪᠣᠯᠬᠤ ᠡᠴᠠ ᠭᠢᠴᠢᠶᠠᠵᠤ ᠪᠢᠴᠢᠭ᠍ᠰᠡᠨ ᠦᠭᠡᠶ᠃

ᠡᠨᠡ ᠣᠴᠢᠷ ᠭᠠᠷᠤᠭᠰᠠᠨ ᠬᠤᠶᠠᠷ ᠰᠠᠷ᠎ᠠ ᠭᠠᠷᠤᠢ ᠶᠢᠨ ᠳᠠᠷᠠᠭ᠎ᠠ᠂ ᠨᠢᠭᠡ ᠡᠳᠦᠷ ᠤᠨ ᠦᠷ ᠤᠨ ᠰᠦᠨᠢ ᠪᠠᠷ᠂ ᠵᠡᠷᠭᠡᠯᠡᠳᠡᠭᠡ ᠠᠢ᠌ᠯ ᠤᠨ ᠠᠳᠤᠭᠤᠴᠢᠨ ᠪᠠᠯᠳᠠᠨ᠂ ᠬᠤᠷᠳᠤᠨ ᠮᠤᠷᠢᠨ ᠳᠠᠪᠭᠢᠭ᠎ᠠ ᠪᠠᠷ ᠳᠤᠪᠳᠤᠯᠠᠵᠤ ᠢᠷᠠᠯ᠎ᠠ᠃ ᠳᠠᠷᠠ ᠬᠤᠶᠠᠷ ᠨᠢᠳᠤ ᠨᠢ ᠳᠤᠯᠤᠭᠠᠢ ᠶᠢᠨ ᠣᠷᠤᠢ ᠳᠡᠭᠡᠷ᠎ᠡ ᠪᠠᠨ ᠭᠠᠷᠬᠤ ᠤᠢ᠌ᠷᠠᠳᠤᠴᠢᠬᠠᠭᠰᠠᠨ ᠶᠠᠭᠤᠮ᠎ᠠ ᠢᠷᠠᠵᠤ᠄ 《ᠰᠠᠶ‍ᠢᠬᠠᠨ ᠪᠢ ᠨᠢᠭᠡ ᠳᠤᠭᠭᠢᠬᠤ ᠶᠢᠨ ᠴᠢᠯᠦᠭᠡᠨ ᠳᠤ ᠴᠢᠨ᠋ᠸ᠎ᠠ ᠢᠷᠠᠵᠤ᠂ ᠮᠢᠨᠤ ᠨᠢᠭᠡ ᠨᠢᠯᠬ᠎ᠠ ᠣᠨᠠᠭ᠎ᠠ ᠶᠢ ᠪᠠᠷᠢᠵᠤ ᠢᠳᠠᠵᠠᠢ᠃ ᠪᠢ ᠣᠴᠢᠬᠤ ᠳᠤ ᠴᠢᠨ᠋ᠸ᠎ᠠ ᠳᠤᠳᠠᠭᠠᠬᠤ ᠨᠢ ᠪᠦᠷᠦᠭ᠌ ᠪᠠᠷᠤᠭ ᠥᠵᠡᠭ᠍ᠳᠡᠭ᠍ᠰᠡᠨ ᠰᠢᠤ᠂ ᠣᠳᠤ ᠶᠠᠭᠠᠭᠢᠪᠠᠯ ᠰᠠ‍‌ᠶᠢ ᠳᠠᠷᠠ ᠴᠢᠨ᠋ᠸ᠎ᠠ ᠶᠢ ᠣᠰᠠᠳᠬᠠᠭᠵᠤ ᠳᠡᠢ᠌ᠯᠭᠦ ᠪᠣᠢ︖》 ᠭᠡᠵᠤ ᠽᠤᠩᠳᠢ ᠡᠴᠠ ᠠᠪᠣᠷᠠᠯ ᠭᠤᠶᠤᠯ᠎ᠠ᠃ ᠽᠤᠩᠳᠢ ᠳᠠᠷᠠ ᠳᠤᠤᠷ᠎ᠠ ᠨᠢ ᠪᠣᠰᠴᠤ ᠬᠤᠪᠴᠠᠰᠤ ᠬᠤᠨᠠᠷ ᠶᠢᠡᠨ ᠡᠮᠦᠰᠤᠨ᠂ ᠠᠪᠠ ᠶᠢᠨ ᠫᠣᠤ ᠪᠠᠨ ᠴᠡᠨᠡᠭᠯᠡᠵᠤ ᠠᠪᠣᠪᠠ᠃ ᠳᠠᠷᠠ᠂ ᠴᠢᠨ᠋ᠸ᠎ᠠ ᠶᠢᠨ ᠮᠦᠷ ᠢ ᠨᠠᠷᠢᠨ ᠰᠢᠠᠵᠢᠵᠤ ᠥᠵᠡᠭ᠍ᠰᠡᠨ ᠶᠢᠡᠨ ᠰᠠᠬᠠᠯ ᠶᠢᠡᠨ ᠰᠡᠷᠪᠠᠢ᠌ᠯᠭᠡᠵᠤ᠄ 《ᠠᠶ᠎ᠠ︕ ᠭᠦ᠋᠂ ᠡᠨᠡ ᠴᠢᠨ᠋ᠸ᠎ᠠ ᠤᠢ᠌ᠷ᠎ᠡ ᠣᠷᠴᠢᠮ ᠤᠨ ᠭᠢ ᠪᠢᠰᠢ》 ᠭᠡᠵᠤ ᠨᠠᠯᠢᠶᠠᠤᠨ ᠪᠣᠳᠤᠯ ᠪᠣᠯᠤᠭᠰᠠᠨ ᠶᠢᠡᠨ᠄ 《ᠣᠳᠤ ᠡᠨᠡ ᠨᠢᠭᠦᠯᠳᠤ ᠶᠢ ᠳᠦᠷᠭᠡᠨ ᠭᠦᠭᠡᠭᠡᠵᠤ ᠭᠦᠢᠴᠡᠨ ᠣᠰᠠᠳᠬᠠᠶ᠎ᠠ ᠭᠡᠪᠠᠯ ᠳᠠᠷᠠ ᠣᠨᠠᠭ᠎ᠠ ᠪᠠᠨ ᠠᠯᠳᠠᠭᠰᠠᠨ ᠭᠡᠭᠦᠤ ᠶᠢ ᠣᠨᠤᠪᠠᠯ ᠬᠠᠮᠤᠭ ᠰᠠᠢ᠌ᠨ ᠶᠤᠮ》 ᠭᠡᠪᠡ᠃ ᠪᠠᠯᠳᠠᠨ ᠭᠤᠸᠠᠢ ᠳᠠᠷᠠ ᠳᠤᠤᠷ᠎ᠠ ᠨᠢ ᠣᠷᠭ᠎ᠠ ᠪᠠᠨ ᠰᠢᠭᠦᠷᠴᠤ ᠣᠨᠠᠭ᠎ᠠ ᠪᠠᠨ ᠠᠯᠳᠠᠭᠰᠠᠨ ᠭᠡᠭᠦᠤ ᠶᠢ ᠪᠠᠷᠢᠵᠤ ᠠᠪᠴᠢᠷᠠᠪᠠ᠃ ᠽᠤᠩᠳᠢ ᠳᠠᠷᠠ ᠭᠡᠭᠦᠤ ᠶᠢ ᠣᠨᠤᠵᠤ᠂ ᠮᠦᠷ ᠮᠦᠰᠭᠢᠨ ᠨᠡᠭᠡᠭ᠍ᠰᠡᠨ ᠴᠢᠨᠢ ᠢᠯᠠᠳᠳᠠ ᠣᠠᠳᠤᠤ ᠪᠠᠢ᠌ᠯ᠎ᠠ᠃ ᠪᠣᠷᠭᠠᠰᠤ ᠲᠡᠶ ᠳᠦᠭᠦᠮ᠂ ᠰᠢᠪᠠᠭ ᠲᠡᠶ ᠬᠤᠭᠤᠯᠠᠢ ᠨᠤᠭᠤᠳ ᠢ ᠨᠢᠭᠡ ᠯᠠ ᠰᠢᠷᠦᠭᠦᠨ ᠬᠠᠳᠠᠷᠢᠭ᠎ᠠ ᠪᠠᠷ ᠳᠤᠭᠤᠯᠵᠤ᠂ ᠬᠤᠳᠤᠩ ᠤᠨ ᠬᠠᠮᠠᠷ ᠶᠢᠡᠷ ᠵᠡᠭᠦᠨ ᠣᠷᠤᠭᠤ ᠣᠷᠤᠨ᠂ ᠱᠠᠷᠢᠯ ᠤᠨ ᠡᠩᠭᠡᠷ ᠶᠢᠡᠷ ᠳᠠᠮᠵᠢᠵᠤ᠂ ᠯᠤᠤᠪᠠᠩᠳᠤ ᠶᠢᠨ ᠪᠠᠯᠠᠷ ᠭᠦᠷᠭᠦ ᠳᠤ ᠨᠢᠭᠡᠨᠲᠡ ᠵᠢᠷᠠ᠂ ᠳᠠᠯᠠᠨ ᠭᠠᠵᠠᠷ ᠶᠠᠪᠣᠴᠢᠬᠠᠭᠰᠠᠨ ᠪᠠᠢ᠌ᠯ᠎ᠠ᠃ ᠯᠤᠤᠪᠠᠩᠳᠤ ᠶᠢᠨ ᠪᠠᠯᠠᠷ ᠲᠤ ᠣᠷᠤᠭᠠᠤᠨ᠂ ᠳᠠᠮᠠᠢ ᠶᠠᠪᠣᠯ ᠦᠭᠡᠶ ᠪᠠᠷ᠂ ᠳᠠᠷᠠ ᠴᠢᠨ᠋ᠸ᠎ᠠ ᠨᠢᠭᠡ ᠳᠠᠪᠠᠭ ᠳᠤᠮᠤ ᠣᠯᠠᠭᠠᠨ ᠪᠣᠷᠭᠠᠰᠤᠨ ᠤ ᠨᠦᠮᠦᠷᠢ ᠳᠤ ᠣᠠᠳᠠᠵᠤ ᠪᠣᠰᠴᠢᠬᠠᠭᠠᠤᠨ᠂ ᠶᠠᠪᠣᠬᠤ ᠪᠠᠷ ᠪᠠᠶ᠎ᠠ ᠪᠠᠨ ᠰᠢᠯᠭᠡᠭᠡᠵᠤ ᠪᠠᠢ᠌ᠪᠠ᠃ ᠡᠨᠡ ᠣᠳᠠᠭ᠎ᠠ ᠳᠠᠷᠠ ᠴᠢᠨ᠋ᠸ᠎ᠠ᠂ ᠬᠠᠰᠢᠷ ᠠᠩᠴᠢᠨ ᠪᠣᠯᠤᠨ ᠬᠤᠷᠳᠤᠨ ᠫᠣᠤ ᠶᠢᠨ ᠴᠠᠭᠠᠳᠠᠢ ᠨᠢᠭᠡ ᠴᠤ ᠠᠯᠬᠤᠵᠤ ᠴᠢᠳᠠᠭᠰᠠᠨ ᠦᠭᠡᠶ᠃ ᠴᠢᠨ᠋ᠸ᠎ᠠ ᠶᠢ ᠠᠯᠠᠭᠠᠤᠨ ᠽᠤᠩᠳᠢ ᠰᠠ‍‌ᠶᠢ ᠣᠨᠤᠭᠰᠠᠨ ᠮᠤᠷᠢ ᠪᠠᠨ ᠥᠵᠡᠭᠦ ᠶᠢᠨ ᠣᠬᠠᠭ᠎ᠠ ᠣᠷᠤᠨ᠂ ᠡᠷᠭᠢᠵᠤ ᠬᠠᠷᠠᠬᠤ ᠳᠤ ᠣᠰᠤᠨ ᠳᠤ ᠣᠨᠠᠭᠰᠠᠨ ᠬᠤᠯᠤᠭᠠᠨ᠎ᠠ ᠮᠠᠳᠤ ᠵᠤᠯᠮᠠᠢ᠌ᠴᠢᠬᠠᠭᠰᠠᠨ ᠪᠠᠢ᠌ᠯ᠎ᠠ᠃ ᠭᠡᠪᠠᠴᠤ ᠳᠠᠷᠠ ᠭᠡᠭᠦᠤ ᠳᠠᠷᠠᠢ᠌ᠵᠤ ᠣᠨᠠᠭᠰᠠᠨ ᠴᠢᠨ᠋ᠸ᠎ᠠ ᠶᠢ ᠥᠵᠡᠮᠡᠭ᠍ᠴᠡ᠂ ᠨᠢᠰᠭᠦ ᠮᠠᠳᠤ ᠣᠷᠤᠯᠳᠤᠨ ᠭᠦᠷᠴᠤ᠂ ᠳᠤᠭᠤᠷᠠᠢ ᠪᠠᠷ ᠶᠢᠡᠨ ᠴᠠᠪᠴᠢᠯᠠᠨ ᠴᠠᠪᠴᠢᠯᠠᠨ ᠢᠠᠴᠠᠭᠠᠵᠤ ᠪᠢᠯᠠ᠃ ᠽᠤᠩᠳᠢ ᠭᠡᠭᠦᠤ ᠶᠢᠨ ᠪᠠᠶ᠎ᠠ ᠳᠡᠭᠡᠷ᠎ᠡ ᠡᠴᠠ ᠦᠷ᠎ᠡ ᠪᠠᠨ ᠭᠡᠭᠦ ᠡᠭᠡ ᠶᠢᠨ ᠰᠡᠳᠭᠢᠯ ᠢ ᠶᠠᠭᠠᠭᠢᠬᠤ ᠶᠢᠨ ᠠᠷᠭ᠎ᠠ ᠦᠭᠡᠶ ᠪᠢᠰᠢᠷᠠᠪᠠ ᠁

ᠡᠨᠡ ᠨᠤᠳᠤᠭ ᠲᠤ ᠴᠢᠨ᠋ᠸ᠎ᠠ ᠶᠠᠷᠤ ᠨᠢ ᠽᠤᠩᠳᠢ ᠶᠢᠨ ᠴᠠᠭᠠᠳᠠᠢ ᠳᠠᠭᠤᠯᠳᠠᠭ ᠦᠭᠡᠶ᠃ ᠬᠤᠵᠢᠮ ᠨᠢ ᠠᠶᠠᠠᠳᠠᠭᠠᠨ ᠴᠢᠨ᠋ᠸ᠎ᠠ ᠨᠤᠭᠤᠳ ᠽᠤᠩᠳᠢ ᠡᠴᠠ ᠡᠷᠯᠢᠭ᠌ ᠮᠠᠳᠤ ᠠᠶᠤᠬᠤ ᠪᠣᠯᠵᠤ᠂ ᠳᠡᠭᠦᠨ ᠤ ᠶᠠᠪᠣᠭᠰᠠᠨ ᠮᠦᠷ ᠢ ᠨᠢ ᠦᠵᠡᠪᠠᠯ᠂ ᠳᠡᠭᠡᠷ᠎ᠡ ᠨᠢ ᠭᠢᠰᠭᠢᠭᠦ ᠡᠴᠠ ᠵᠢᠷᠦᠭᠡᠰᠢᠶᠡᠨ᠂ ᠦᠰᠦᠷᠴᠤ ᠭᠠᠷᠤᠭᠠᠤᠨ ᠳᠤᠳᠠᠭᠠᠳᠠᠭ ᠪᠣᠯᠤᠭᠰᠠᠨ ᠭᠡᠨ᠎ᠡ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠮᠤᠩᠭ᠋ᠤᠯ ᠦᠨᠳᠦᠰᠦᠳᠠᠨ ᠤ ᠬᠤᠶᠠᠳᠤᠭᠠᠷ ᠳᠤᠮᠳᠠᠳᠤ ᠰᠤᠷᠭᠠᠭᠤᠯᠢ ᠠᠩᠬ᠎ᠠ 97 ᠳ᠋ᠤᠭᠠᠷ ᠪᠦᠯᠦᠭ᠌

ᠵᠤᠬᠢᠶᠠᠭᠴᠢ᠄ ᠴᠢ᠊·ᠠᠯᠢᠶ᠎ᠠ
ᠬᠠᠷᠢᠶ᠎ᠠ᠄ ᠥᠭᠥᠯᠡᠯᠭᠡ
ᠳᠠᠷᠤᠮ᠄ 5735
ᠴᠠᠭ᠄ 2010 ᠤᠨ ᠤ 12 ᠰᠠᠷ᠎ᠠ ᠶᠢᠨ 28