ᠳᠤᠯᠭ᠎ᠠ ᠶᠢᠨ ᠭᠤᠷᠪᠠᠨ ᠴᠢᠯᠠᠭᠤ

《ᠮᠤᠩᠭ᠋ᠤᠯ ᠡᠭᠡ ᠶᠢᠨ ᠪᠠᠭᠠᠳᠤᠷ ᠭᠦᠤ

ᠮᠥᠩᠭᠡ ᠳᠡᠭ᠍ᠷᠢ ᠶᠢᠨ ᠮᠤᠬᠤᠰᠢ ᠦᠭᠡᠶ ᠰᠦᠷ》

ᠮᠥᠩᠭᠡ ᠳᠡᠭ᠍ᠷᠢ ᠳᠤ ᠭᠠᠳᠠᠭᠰᠠᠨ

ᠮᠥᠭᠦᠰᠢ ᠦᠭᠡᠶ ᠰᠤᠮᠤ

ᠮᠡᠷᠭᠡᠨ ᠴᠢᠩᠭᠢᠰ ᠮᠤᠩᠭ᠋ᠤᠯ ᠣᠳᠤᠮ ᠤᠨ ᠶᠢᠡᠨ

ᠡᠷᠡᠯᠭᠡᠭ᠌ ᠰᠠᠨᠠᠭᠠᠨ ᠤ ᠳᠦᠷᠤᠳᠠᠰᠤ

ᠮᠠᠠᠳᠤ ᠵᠠᠶᠠᠭ᠎ᠠ ᠴᠢᠯᠠᠭᠤᠵᠢᠬᠤ ᠶᠢᠨ

ᠢᠳᠡᠭᠡᠯᠳᠤ ᠨᠢᠭᠡᠨ ᠳᠠᠷᠬᠠᠨ


      ᠮᠤᠬᠤᠯᠠᠢ


ᠮᠤᠩᠭ᠋ᠤᠯ ᠶᠢᠡᠷ ᠴᠡᠨᠡᠭᠯᠡᠭᠦ ᠳᠡᠦᠭᠡ ᠶᠢᠨ

ᠮᠥᠩᠭᠡᠵᠢᠯ ᠶᠢᠡᠷ ᠪᠣᠰᠤᠭᠰᠠᠨ ᠵᠢᠷᠤᠮ

ᠮᠠᠠᠳᠤᠯ ᠶᠢᠡᠷ ᠮᠢᠷᠠᠯᠵᠠᠬᠤ ᠳᠤᠤᠯᠢ ᠶᠢᠨ

ᠮᠠᠰᠠ ᠪᠠᠷ ᠨᠠᠢ᠌ᠷᠠᠭᠰᠠᠨ ᠰᠠᠳᠤᠪ

ᠭᠦᠭᠡ ᠪᠠᠷ ᠪᠢᠴᠢᠭᠯᠡᠭᠦ ᠰᠤᠳᠤᠷ ᠤᠨ

ᠴᠠᠭᠠᠨ ᠶᠢᠡᠷ ᠡᠮᠵᠢᠶᠡᠷᠢᠯᠡᠭ᠍ᠰᠡᠨ ᠴᠡᠳᠢᠭ᠌

ᠳᠠᠢ᠌ᠨ ᠶᠢᠡᠷ ᠳᠤᠶᠠᠭᠠᠷᠠᠭᠰᠠᠨ ᠭᠦᠷᠤᠨ ᠤ

ᠳᠤᠪᠳᠤᠯᠤᠯ ᠳᠤ ᠳᠠᠷᠴᠢᠭᠢᠨᠠᠭᠰᠠᠨ ᠳᠤᠭᠤᠷᠠᠢ

ᠳᠠᠢ᠌ᠰᠤᠨ ᠶᠢᠡᠨ ᠳᠠᠷᠤᠭᠰᠠᠨ ᠦᠷᠯᠦᠭ᠍ᠴᠦᠳ ᠤᠨ

ᠳᠡᠩᠭᠡᠭᠡ ᠶᠢ ᠭᠢᠯᠠᠯᠵᠠᠭᠤᠯᠤᠭᠰᠠᠨ ᠢᠷ

ᠳᠡᠭᠡᠳᠦᠰ ᠢ ᠡᠷᠭᠦᠵᠤ ᠳᠠᠪᠭᠢᠭᠤᠯᠤᠭᠰᠠᠨ

ᠳᠠᠩᠭᠢᠨᠠᠭᠰᠠᠨ ᠠᠯᠮᠠᠰ ᠳᠦᠷᠦᠭᠡ

ᠳᠡᠭ᠍ᠳᠡᠭᠦ ᠭᠡᠢ ᠮᠤᠷᠢ ᠶᠢ ᠬᠤᠷᠠᠢ᠌ᠯᠠᠭᠰᠠᠨ

ᠳᠡᠭ᠍ᠷᠢ ᠡᠴᠠ ᠣᠷᠭᠤᠭᠰᠠᠨ ᠮᠤᠳᠤᠷ

ᠳᠠᠰᠪᠣᠷᠢ ᠪᠠᠨ ᠦᠵᠡᠯᠴᠡᠭᠡᠳ ᠳᠤᠭᠳᠠᠨᠢᠭᠰᠠᠨ

ᠥᠡᠳᠦᠷᠯᠢᠭ᠌ ᠤᠨ ᠪᠦᠭᠡᠮ ᠰᠢᠷᠤᠢ

ᠳᠠᠭᠢᠯ ᠡᠷᠭᠦᠨ᠎ᠡ ᠳᠤ ᠨᠡᠢ᠌ᠯᠡᠭ᠍ᠰᠡᠨ

ᠦᠨᠳᠦᠷ ᠡᠴᠠ ᠢᠷᠡᠭ᠍ᠰᠡᠨ ᠴᠢᠳᠬᠤᠯᠠᠩ

ᠳᠡᠯᠢᠭᠦᠨ ᠪᠣᠯᠳᠠᠭ ᠶᠢᠡᠨ ᠰᠢᠳᠦᠭ᠍ᠰᠡᠨ

ᠳᠡᠭ᠍ᠷᠢᠯᠢᠭ᠌ ᠡᠷ᠎ᠡ ᠶᠢᠨ ᠣᠩᠭ᠋ᠤᠳ

ᠳᠤᠯᠤᠭᠠᠨ ᠳᠤᠭᠰᠢᠳ ᠤᠨ ᠰᠠᠭᠢᠭᠤᠰᠤ ᠲᠡᠶ

ᠶ‍ᠢᠰᠤᠨ ᠦᠷᠯᠦᠭ᠌ ᠤᠨ ᠰᠤᠳᠤᠨ

ᠴᠡᠭᠡᠨ ᠳᠦᠷᠤ ᠶᠢ ᠠᠴᠢᠶᠠᠯᠠᠭᠰᠠᠨ

ᠴᠢᠩᠭᠢᠨᠡᠭ᠍ᠰᠡᠨ ᠣᠷᠳᠤ ᠦᠣᠷᠰᠡᠭᠡ

ᠴᠠᠭᠢᠯᠬᠤ ᠳᠤᠯᠭ᠎ᠠ ᠶᠢ ᠳᠤᠯᠤᠭᠰᠠᠨ

ᠴᠡᠩᠭᠡᠷ ᠨᠢᠭᠡᠨ ᠴᠢᠯᠠᠭᠤ

ᠠᠷᠪᠠᠨ ᠭᠤᠷᠪᠠᠳᠤᠭᠠᠷ ᠵᠠᠭᠤᠨ ᠤ

ᠠᠭᠠᠷ ᠨᠢ ᠭᠦᠷᠳᠡᠯ᠎ᠡ ᠱᠠᠭᠰᠢᠨ᠎ᠠ

ᠬᠤᠷᠢᠨ ᠨᠢᠭᠡᠳᠦᠭᠡᠷ ᠵᠠᠭᠤᠨ ᠤ

ᠬᠤᠷᠸ᠎ᠠ ᠨᠢ ᠭᠦᠷᠳᠡᠯ᠎ᠡ ᠰᠢᠳᠤᠨ᠎ᠡ

ᠮᠤᠬᠤᠯᠠᠢ ᠵᠠᠩᠵᠤᠨ ᠮᠢᠨᠤ


      ᠬᠠᠳᠠᠭᠠᠨ


《ᠬᠠᠰ ᠤᠨ ᠰᠠᠯᠠᠭ᠎ᠠ ᠠᠯᠳᠠᠨ ᠨᠠᠪᠴᠢ》 ᠡᠴᠠ

ᠬᠤᠪᠢᠶᠠᠭᠳᠠᠵᠤ ᠦᠷᠡᠵᠢᠭ᠍ᠰᠡᠨ ᠡᠰ

ᠬᠠᠳᠠᠭᠤ ᠶᠤᠰᠤ ᠵᠥᠭᠡᠯᠡᠨ ᠵᠦᠢ ᠶᠢ

ᠭᠡᠳᠤ ᠳᠤᠩᠭ᠋ᠠᠭᠰᠠᠨ ᠮᠠᠳᠠᠷᠠᠯ

《ᠳᠤᠯᠭ᠎ᠠ ᠪᠠᠨ ᠮᠠᠨᠠᠭᠰᠠᠨ ᠳᠠᠢ᠌ᠪᠣᠩ ᠵᠡᠭᠦᠳᠦᠳᠡᠨ》 ᠊ᠤ

ᠳᠤᠳᠤᠷ᠎ᠠ ᠳᠠᠮᠢᠷ ᠤᠨ ᠪᠦᠷᠢᠯᠸ᠎ᠡ

《ᠳᠤᠭᠤᠷᠠᠢ ᠶᠢᠨ ᠳᠠᠭᠤ ᠪᠠᠷ ᠶ‍ᠢᠷᠳᠢᠠᠴᠤ ᠶᠢ ᠰᠡᠷᠡᠭᠡᠭᠦ》 ᠶ᠋ᠢᠨ

ᠳᠤᠳᠤᠨᠤ ᠣᠬᠠᠭᠠᠨ ᠤ ᠵᠥᠪᠳᠡᠯᠴᠡᠭᠡ

ᠬᠠᠳᠠᠭᠠᠨ

ᠬᠠᠢ᠌ᠷ᠎ᠠ ᠵᠢᠷᠤᠮ ᠤᠨ ᠭᠢᠵᠠᠭᠠᠷ ᠶᠢᠡᠷ

ᠬᠠᠭ᠎ᠠ ᠦᠰᠦᠷᠦᠭ᠍ᠰᠡᠨ ᠵᠢᠷᠦᠭᠡ

ᠬᠠᠳᠤᠨ ᠵᠠᠶᠠᠭ᠎ᠠ ᠶᠢᠨ ᠣᠭᠤᠷᠠᠯ ᠶᠢᠡᠷ

ᠬᠠᠠᠳᠢᠪ ᠶᠢᠡᠨ ᠡᠷᠭᠦᠭ᠍ᠰᠡᠨ ᠬᠠᠯᠢᠯ

ᠬᠠᠭᠠᠨ ᠳᠦᠷᠤ ᠶᠢᠨ ᠰᠤᠳᠠᠰᠤᠨ ᠤ

ᠢᠭ᠍ᠳᠦᠯᠡᠵᠤ ᠣᠷᠭᠢᠯᠤᠭᠰᠠᠨ ᠴᠢᠰᠤ

ᠬᠠᠰᠭᠢᠷᠴᠤ ᠪᠣᠰᠤᠭ᠎ᠠ ᠣᠭᠰᠠᠭ᠎ᠠ ᠶᠢᠨ

ᠢᠰᠭᠦᠯᠵᠤ ᠮᠤᠷᠳᠠᠭ᠎ᠠ ᠳᠦᠷᠦᠭᠡ

ᠨᠠᠷᠠᠯᠠᠭ ᠶᠠᠰᠤᠳᠠᠨ ᠤ ᠪᠣᠢ᠌ᠵᠢᠭᠠᠨ ᠳᠤ

《ᠶᠠᠰᠤ ᠪᠠᠨ ᠬᠤᠭᠤᠯᠤᠭᠰᠠᠨ》 ᠪᠠᠭᠠᠳᠤᠷ

ᠨᠡᠭᠡᠢ᠌ᠳᠤ ᠭᠦᠮᠦᠰ ᠤᠨ ᠪᠠᠳᠠᠷᠠᠯ ᠳᠤ

ᠨᠠᠰᠤ ᠪᠠᠨ ᠡᠷᠭᠦᠭ᠍ᠰᠡᠨ ᠳᠠᠭᠢᠮᠳᠠᠭᠤ

ᠮᠤᠩᠭ᠋ᠤᠯᠵᠢᠨ ᠭᠤᠸ᠎ᠠ ᠡᠮᠡᠭ᠍ᠳᠢᠴᠦᠦᠳ ᠤᠨ

ᠮᠦᠷᠭᠦᠨ ᠰᠥᠰᠦᠭᠯᠡᠳᠡᠭ᠌ ᠴᠠᠮᠬᠠᠭ

ᠮᠥᠩᠭᠡ ᠳᠤᠯᠭ᠎ᠠ ᠳᠤ ᠣᠭᠰᠠᠷᠠᠭᠰᠠᠨ

ᠮᠥᠯᠢᠭᠡᠷ ᠭᠦᠭᠡ ᠴᠢᠯᠠᠭᠤ

ᠭᠦᠢᠳᠡᠨ ᠣᠯᠠᠷᠢᠯ ᠢ ᠦᠯᠢᠶᠠᠨ ᠭᠡᠰᠭᠡᠭ᠍ᠰᠡᠨ

ᠦᠨᠳᠦᠷ ᠨᠢᠭᠡᠨ ᠊ᠭ᠍ᠷᠡᠳᠥᠢᠰ

ᠭᠦᠳᠦᠰᠤᠨ ᠳᠠᠪᠠᠯ ᠤᠨ ᠰᠡᠮᠡᠷᠭᠡᠢ ᠶᠢ ᠡᠮᠵᠢᠭ᠍ᠰᠡᠨ

ᠣᠴᠢᠷᠳᠠᠢ ᠨᠢᠭᠡᠨ ᠣᠶᠤᠳᠠᠯ

ᠬᠠᠳᠠᠭᠠᠨ ᠮᠢᠨᠤ


        ᠬᠤᠸᠠᠭᠴᠢᠨ


ᠪᠣᠷᠬᠠᠨ ᠬᠠᠯᠳᠤᠨ᠎ᠠ ᠶᠢᠨ ᠪᠠᠭᠤᠴᠠᠨ ᠳᠡᠬᠢ

ᠪᠣᠭᠤᠯ ᠤᠨ ᠪᠠᠢ᠌ᠷᠢ ᠲᠡᠶ ᠡᠮᠡᠭᠡᠨ

ᠭᠢᠶᠠᠨ ᠣᠪᠣᠭᠳᠠᠨ ᠤ ᠭᠡᠴᠡᠭᠦᠳᠡᠭ᠍ᠰᠡᠨ ᠮᠦᠴᠡ ᠳᠤ

ᠭᠡᠭᠦᠳᠡᠭ᠌ ᠶᠢᠡᠷ ᠶᠢᠡᠨ ᠬᠠᠷᠢᠭᠤᠴᠠᠵᠤ ᠪᠦᠭ᠍ᠴᠦᠭᠡᠨᠡᠭ᠍ᠰᠡᠨ

ᠥᠭᠡᠯᠤᠨ ᠦᠵᠢᠨ᠂ ᠦᠨᠦᠴᠢᠨ ᠪᠠᠯᠪᠠᠰᠤᠨ ᠳᠤ

ᠦᠷᠡᠭ᠍ᠳᠡᠯ ᠶᠢᠡᠨ ᠶᠡᠭᠦᠯᠡᠭ᠍ᠰᠡᠨ ᠣᠠᠳᠤᠷᠤᠯ

ᠣᠨᠤᠨ ᠮᠦᠷᠠᠨ ᠤ ᠣᠯᠤᠮ ᠣᠷᠤᠰᠬᠠᠯ ᠳᠤ

ᠣᠬᠠᠭᠠᠨ ᠴᠤᠭᠴᠠ ᠲᠡᠶ ᠪᠠᠨ ᠠᠭᠤᠰᠤᠭᠰᠠᠨ

ᠣᠭ ᠢᠵᠠᠭᠤᠷ ᠲᠠᠭᠠᠨ ᠥᠭᠦᠨ ᠰᠥᠰᠦᠭᠯᠡᠭ᠍ᠰᠡᠨ

ᠡᠪᠦᠭᠡᠷᠡᠰᠢ ᠦᠭᠡᠶ ᠰᠢᠠᠳᠠᠰᠤ

ᠦᠴᠦᠭᠡᠨ ᠢᠯᠴᠢ ᠪᠠᠨ ᠡᠯᠪᠠᠭ᠌ ᠰᠠᠴᠤᠭᠰᠠᠨ

ᠣᠠᠳᠠᠷᠠᠰᠢ ᠦᠭᠡᠶ ᠲᠦᠯᠤ

ᠦᠷᠳᠡᠭ᠌ ᠶᠢᠡᠨ ᠮᠡᠳᠡᠭᠦ ᠦᠭᠡᠶ ᠳᠠᠮᠠᠤᠯᠠᠵᠤ ᠢᠷᠡᠭ᠍ᠰᠡᠨ

ᠥᠭ᠍‍ᠭᠢᠶᠡᠮᠦᠷ ᠳᠦᠭᠡᠭᠡᠯ ᠤᠨ ᠬᠤᠷ᠎ᠠ

ᠡᠨᠡᠷᠢᠯ ᠬᠠᠢ᠌ᠷ᠎ᠠ ᠪᠠᠨ ᠵᠢᠩᠭᠢᠨᠢ ᠢᠪᠠᠭᠡᠭ᠍ᠰᠡᠨ

ᠡᠭᠡ ᠶᠢ ᠬᠤᠷᠮᠣᠢ᠌ᠯᠠᠭᠰᠠᠨ ᠡᠭᠡ

ᠦᠶ᠎ᠡ ᠣᠯᠠᠷᠢᠭᠰᠠᠨ ᠮᠤᠩᠭ᠋ᠤᠯ ᠦᠷᠠᠰ ᠤᠨ

ᠣᠯᠠᠮᠵᠢᠯᠠᠵᠤ ᠪᠠᠳᠠᠷᠠᠭᠤᠯᠬᠤ ᠦᠪ

ᠳᠦᠷᠡᠯᠵᠡᠭᠦ ᠳᠤᠯᠭ᠎ᠠ ᠳᠤ ᠵᠡᠷᠭᠡᠯᠡᠭ᠍ᠰᠡᠨ

ᠳᠤᠳᠠᠵᠤ ᠪᠣᠯᠤᠰᠢ ᠦᠭᠡᠶ ᠴᠢᠯᠠᠭᠤ

ᠴᠤᠭ ᠲᠡᠶ ᠳᠤᠯᠭ᠎ᠠ ᠳᠠᠭᠠᠨ ᠰᠥᠭᠦᠳᠦᠭ᠍ᠰᠡᠨ ᠭᠡᠪ ᠶᠢᠡᠷ ᠶᠢᠡᠨ

ᠴᠢᠨᠠᠳᠤ ᠶ‍ᠢᠷᠳᠢᠠᠴᠤ ᠳᠡᠭᠡᠨ ᠪᠣᠴᠠᠭᠠᠤᠨ ᠠᠮᠠᠤᠷᠵᠢᠭᠰᠠᠨ

《ᠴᠠᠰᠤᠨ ᠳᠤ ᠭᠢᠰᠭᠢᠭ᠍ᠰᠡᠨ ᠮᠦᠷ ᠦᠭᠡᠶ

ᠴᠠᠭᠠᠰᠤᠨ ᠳᠤ ᠪᠢᠴᠢᠭ᠍ᠰᠡᠨ ᠨᠠᠷ᠎ᠠ ᠦᠭᠡᠶ》 ᠴᠤ

ᠬᠤᠵᠢᠮ ᠤᠨ ᠭᠦᠮᠦᠰ ᠳᠠᠨ ᠤ

ᠰᠠᠮ ᠵᠢᠳᠭᠦᠯ ᠢ ᠰᠠᠳᠭᠢᠨ᠎ᠡ

ᠭᠡᠴᠦᠨᠡᠨ ᠭᠠᠯᠪᠠ ᠥᠩᠭᠡᠷᠡᠭ᠍ᠰᠡᠨ ᠴᠤ

ᠭᠡᠪ ᠶᠢᠡᠷ ᠶᠢᠡᠨ ᠦᠯᠠᠳᠠᠨ᠎ᠡ

ᠬᠤᠸᠠᠭᠴᠢᠨ ᠮᠢᠨᠤ


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠳᠦᠩᠯᠢᠶᠤᠤ ᠬᠤᠳᠠ ᠶᠢᠨ ᠭᠦᠷᠢᠶ᠎ᠡ ᠬᠤᠰᠢᠭᠤᠨ ᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠡᠭᠡᠡᠳᠢᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1762
ᠴᠠᠭ᠄ 2013 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ