ᠰᠡᠮᠡᠷᠭᠡᠢ ᠪᠣᠳᠤᠯ

   ᠠᠮᠢᠳᠤᠷᠠᠯ

   ᠭᠦᠮᠤᠨ ᠳᠤ ᠰᠢᠯᠦᠭ᠌ ᠴᠤ ᠥᠭ᠍ᠳᠡᠭ᠌ ᠭᠡᠯ᠎ᠡ

   ᠰᠢᠯᠦᠭ᠌ ᠢ ᠴᠤ ᠠᠪᠳᠠᠭ ᠵᠠᠩᠳᠠᠢ ᠭᠡᠯ᠎ᠡ

   ᠪᠢ ᠨᠢᠯᠠᠬᠠᠷᠠᠨ

   ᠰᠢᠭᠢᠷ ᠭᠤᠶᠤᠭᠰᠠᠨ ᠳᠠᠮᠰᠢᠭ ᠰᠢᠭ

   ᠵᠡᠭᠦᠳᠤᠨ ᠳᠤ ᠪᠠᠨ ᠳᠠᠮᠰᠢᠶᠠᠯᠠᠳᠠᠭ ᠠᠳᠠᠯᠢᠬᠠᠨ

   ᠨᠣᠢ᠌ᠷ ᠬᠤᠯᠵᠢᠨ ᠰᠢᠯᠦᠭ᠌ ᠲᠤ ᠮᠤᠷᠳᠠᠯ᠎ᠠ

        ᠨᠢᠭᠡ

   ᠴᠡᠩᠭᠡᠷ ᠳᠡᠭ᠍ᠷᠢ ᠲᠡᠶ ᠪᠢ

   ᠪᠣᠯᠵᠤᠮᠤᠷ ᠰᠢᠭ ᠵᠢᠷᠭᠢᠵᠤ ᠴᠡᠩᠭᠡᠨ᠎ᠡ

   ᠴᠡᠯᠡᠭᠡᠷ ᠠᠭᠤᠳᠠᠮ ᠨᠤᠳᠤᠭ ᠲᠡᠶ ᠪᠢ

   ᠣᠨᠠᠭ᠎ᠠ ᠰᠢᠭ ᠳᠠᠪᠭᠢᠵᠤ ᠵᠢᠷᠭᠠᠨ᠎ᠠ

   ᠳᠠᠭᠤᠤ ᠰᠢᠭ ᠪᠣᠳᠤᠯ ᠳᠤ ᠪᠠᠨ ᠭᠦᠳᠦᠯᠦᠭ᠍ᠳᠡᠨ

   ᠰᠤᠭᠳᠤᠨ ᠰᠤᠭᠳᠤᠨ ᠪᠣᠴᠠᠨ᠎ᠠ

   ᠳᠤᠷᠭᠠᠨ ᠳᠠᠯ᠎ᠠ ᠣᠷᠤᠭᠤ

   ᠭᠤᠤᠯ ᠮᠦᠷᠠᠨ ᠰᠢᠭ᠌ ᠳᠤᠭᠤᠷᠢᠨ᠎ᠠ

        ᠬᠤᠶᠠᠷ

   ᠨᠠᠷᠠᠨ ᠤ ᠰᠤᠷᠮᠤᠤᠰᠤ ᠰᠢᠭ

   ᠰᠢᠪᠠᠭᠤᠳ ᠤᠨ ᠵᠡᠯᠡᠯᠭᠡᠨ ᠳ᠋ᠤ

   ᠣᠯᠠᠷᠢᠯ ᠤᠨ ᠭᠦᠭ᠌ ᠳᠠᠢ

   ᠨᠤᠳᠤᠭ ᠤᠨ ᠨᠢᠳᠤᠨ ᠨᠠᠭᠤᠷ ᠥᠭᠡᠷ᠎ᠡ ᠥᠭᠡᠢ

   ᠮᠤᠩᠭ᠋ᠤᠯ ᠭᠠᠵᠠᠷ ᠤᠨ ᠠᠷᠠᠠᠰᠢ

   ᠭᠦᠮᠤᠨ ᠣᠯᠵᠠᠷᠬᠠᠳᠠᠭ ᠠᠭᠤᠳᠠᠮ ᠪᠠᠢ᠌ᠭᠰᠠᠨ ᠢ

   ᠥᠡᠳᠦᠷᠯᠢᠭ᠌ ᠤᠨ ᠭᠦᠷᠦᠰᠤ ᠲᠡᠶ ᠪᠠᠨ

   ᠶᠠᠭᠤ ᠠᠠᠳᠠᠬᠤᠪ ᠪᠣᠢ ᠳ᠋ᠠ︖

        ᠭᠤᠷᠪᠠ

   ᠰᠠᠢ᠌ᠬᠠᠨ ᠨᠠᠰᠤᠯᠠᠨ᠎ᠠ ᠭᠡᠵᠤ

   ᠭᠦᠮᠦᠰ ᠮᠢᠨᠢ ᠵᠦᠪ ᠪᠣᠳᠤᠳᠠᠭ ᠶᠤᠮ ᠡ

   ᠰᠠᠢ᠌ᠬᠠᠨ ᠪᠠᠢ᠌ᠭᠠᠯᠢ ᠳᠤ ᠭᠡᠪᠳᠡᠵᠤ ᠨᠣᠢ᠌ᠷᠰᠤᠨ᠎ᠠ ᠭᠡᠵᠤ

   ᠮᠤᠩᠭ᠋ᠤᠯ ᠮᠢᠨᠢ ᠪᠦᠷᠢᠨ ᠵᠦᠪ ᠶᠠᠪᠣᠳᠠᠭ ᠰᠢᠤ

   ᠳᠡᠯᠡᠭᠡᠢ ᠳᠠᠢ᠌ᠳᠠᠢ ᠳᠡᠨᠢᠭᠦᠨ ᠨᠤᠳᠤᠭ ᠤᠨ ᠵᠢᠠᠨ

   ᠳᠡᠭ᠍ᠷᠢ ᠶᠢᠨ ᠨᠠᠷᠠᠨ ᠤ ᠰᠠᠴᠤᠷᠠᠭ ᠶᠢᠡᠷ ᠭᠡᠮᠵᠢᠨ ᠪᠠᠢ᠌ᠳᠠᠭ

   ᠳᠢᠪ ᠰᠤᠠᠳᠠᠯᠠᠭᠰᠠᠨ ᠮᠤᠩᠭ᠋ᠤᠯ ᠤᠨ ᠮᠢᠨᠢ ᠵᠤᠷᠢᠭ ᠣᠬᠠᠭᠠᠨ

   ᠳᠢᠳᠢᠮ ᠰᠢᠭ ᠮᠠᠵᠤᠯᠠᠳᠠᠭ ᠪᠢᠰᠢ ᠦᠨᠳᠦᠷ ᠪᠢᠯᠠ

        ᠳᠦᠷᠪᠠ

   ᠪᠣᠰᠤᠭ᠎ᠠ ᠥᠰᠦᠭ᠌ ᠰᠢᠭ᠌ ᠠᠮᠢᠳᠤᠷᠠᠭᠰᠠᠨ ᠮᠤᠩᠭ᠋ᠤᠯ ᠮᠢᠨᠤ

   ᠪᠠᠭᠤᠴᠠ ᠨᠡᠭᠦᠳᠡᠯ ᠰᠢᠭ᠌ ᠪᠠᠯᠠᠷᠠᠭᠰᠠᠨ ᠮᠤᠩᠭ᠋ᠤᠯ ᠳᠤᠭᠠᠳᠠᠨ ᠮᠢᠨᠤ

   ᠪᠣᠭᠤᠯᠭ᠎ᠠ ᠭᠦᠡᠳᠤ ᠱᠠᠷ ᠰᠢᠭ ᠵᠢᠦᠡᠭᠦᠭ᠍ᠰᠡᠨ ᠮᠤᠩᠭ᠋ᠤᠯ ᠠᠷᠠᠤᠨ ᠮᠢᠨᠤ

   ᠪᠣᠷᠤᠭᠤ ᠵᠦᠪ ᠨᠡᠢ᠌ᠯᠡᠭ᠍ᠰᠡᠨ ᠰᠢᠭ᠌ ᠪᠦᠳᠤᠨ ᠮᠤᠩᠭ᠋ᠤᠯ ᠭᠦᠮᠤᠨ ᠮᠢᠨᠤ

   ᠪᠣᠯᠳᠠᠭ ᠪᠣᠯᠳᠠᠭ ᠦᠭᠡᠶ ᠦᠷᠦᠪᠴᠡᠭᠡᠨ ᠴᠠᠢ᠌ᠯᠠᠭᠠᠨ ᠶᠠᠪᠣᠭᠰᠠᠨ ᠭᠦᠮᠤᠨ ᠮᠤᠩᠭ᠋ᠤᠯ

   ᠪᠣᠶᠠᠨ ᠪᠠᠨ᠎ᠡ ᠶᠢ ᠳᠡᠩᠳᠡᠭᠦᠤ ᠢᠯᠭᠠᠭᠰᠠᠨ ᠠᠷᠠᠤᠨ ᠲᠡᠶ ᠮᠤᠩᠭ᠋ᠤᠯ

   ᠪᠣᠱᠤᠭ᠎ᠠ ᠳᠠᠪᠠᠪᠠᠯ ᠴᠢᠯᠦᠭᠡᠳᠡᠢ ᠠᠮᠢᠳᠤᠷᠠᠭᠰᠠᠨ ᠠᠮᠤᠭᠤᠯᠠᠩ ᠮᠤᠩᠭ᠋ᠤᠯ

   ᠪᠣᠷᠬᠠᠨ ᠳᠤ ᠭᠦᠷᠳᠡᠯ᠎ᠡ ᠳᠦᠷᠤ ᠳᠤ ᠪᠠᠴᠢᠯᠠᠭᠳᠠᠭᠰᠠᠨ ᠮᠤᠩᠭ᠋ᠤᠯ

              ᠲ᠋ᠠᠪᠣ

   ᠣᠷᠳᠤ ᠶᠢᠨ ᠳᠠᠭᠤᠤ ᠰᠢᠭ ᠰᠡᠳᠭᠢᠯ ᠤᠨ ᠵᠠᠢ ᠪᠠᠨ

   ᠳᠤᠭᠠᠳᠠᠢ ᠥᠭᠡᠨ ᠳᠤ ᠵᠢᠷᠭᠢᠭᠡᠨ ᠰᠢᠭ᠌ ᠳᠡᠷᠪᠠᠭᠦᠯᠵᠡᠢ

   ᠳᠤᠭᠤᠨᠤ ᠪᠠᠨ ᠡᠷᠭᠦᠭ᠍ᠰᠡᠨ ᠠᠮᠢᠳᠤᠷᠠᠯ ᠤᠨ ᠠᠮᠢᠰᠬᠤᠭᠠᠨ ᠳ᠋ᠤ

   ᠡᠪᠠᠰᠤᠨ ᠤ ᠰᠢᠭᠦᠳᠡᠷᠢ ᠰᠢᠭ᠌ ᠣᠳᠤ ᠲᠡᠶ ᠡᠷᠦᠭᠡ ᠪᠠᠨ ᠳᠠᠯᠠᠯᠵᠠᠢ

   ᠠᠮᠢᠨ ᠵᠠᠶᠠᠭᠠᠨ ᠤ ᠳᠦᠭᠡᠷᠭᠡ ᠥᠭᠡᠷ᠎ᠡ ᠥᠭᠡᠢ

   ᠠᠯᠳᠠᠨ ᠭᠠᠳᠠᠰᠤ ᠰᠢᠭ ᠰᠦᠨᠢ ᠶᠢᠨ ᠳᠡᠭ᠍ᠷᠢ ᠶᠤᠮ

   ᠠᠶᠠᠯᠭᠤ ᠰᠤᠶᠤᠷᠬᠠᠭᠰᠠᠨ ᠣᠷᠤᠰᠬᠠᠯ ᠮᠦᠷᠠᠨ ᠠᠳᠠᠯᠢᠬᠠᠨ

   ᠠᠯᠳᠠᠩᠬᠠᠨ ᠨᠠᠷᠠ ᠲᠡᠶ ᠪᠠᠨ ᠵᠢᠷᠭᠠᠭᠠᠨ ᠳᠡᠮᠡᠦᠭᠦᠯᠡᠨ᠎ᠡ

   ᠠᠢ ᠭᠦᠭᠡᠷᠦᠭᠦᠢ ᠳᠠᠷᠠ ᠣᠷᠤᠭᠤ

   ᠠᠩᠭ᠋ᠠᠭᠰᠠᠨ ᠠᠳᠤᠭᠤ ᠰᠢᠭ ᠳᠠᠪᠭᠢᠨ᠎ᠠ

   ᠠᠪᠣ ᠶᠢᠨ ᠮᠢᠨᠢ ᠨᠤᠳᠤᠭ ᠭᠡᠵᠤ ᠡᠷᠢᠭ᠍ᠳᠡᠨ᠎ᠡ

   ᠠᠯᠳᠠᠷᠠᠢ ᠦᠷ᠎ᠡ ᠨᠢ ᠪᠢ ᠡᠮᠵᠡᠭᠯᠡᠨ᠎ᠡ

   ᠠᠢ᠌ᠮᠠᠭ ᠳᠦᠷᠤᠯ ᠤᠳ ᠵᠠᠢ᠌ᠳᠠᠨ᠎ᠠ

   ᠠᠩᠭ᠋ᠠᠷᠠᠭ ᠳᠠᠩᠭ᠋ᠠᠷᠠᠭ ᠥᠭᠡᠷᠡᠳᠤᠨ᠎ᠡ

   ᠠᠠᠳᠠ ᠶᠢᠨ ᠵᠢᠷᠤᠮ ᠠᠯᠳᠠᠨ᠎ᠠ

   ᠠᠶ᠎ᠠ ᠡᠨᠡ ᠭᠡᠨ ᠤ ᠴᠤ ᠪᠣᠷᠤᠭᠤ ᠪᠢᠰᠢ

   ᠠᠯᠳᠠ ᠡᠴᠠ ᠴᠤ ᠦᠨᠡᠳᠠᠢ ᠨᠤᠳᠤᠭ ᠮᠢᠨᠢ

   ᠠᠪᠳᠠᠷ᠎ᠠ ᠰᠢᠭ ᠣᠩᠭᠢ ᠠᠭᠤᠳᠠᠯᠠᠭᠳᠠᠨ᠎ᠠ

         ᠵᠢᠷᠭᠤᠭ᠎ᠠ

   ᠮᠦᠩᠭᠦ ᠭᠡᠵᠤ ᠠᠯᠪᠢᠨ ᠲᠡᠶ ᠶᠤᠮ

   ᠳᠠᠢ᠌ᠰᠤᠨ ᠲᠡᠶ ᠪᠠᠨ ᠴᠤ ᠡᠪᠯᠡᠷᠡᠭᠦ ᠰᠢᠳᠢ ᠱᠥᠭᠯᠡᠳᠡᠭ᠌ ᠢ ᠶᠠᠭᠠᠭᠢᠶ᠎ᠠ

   ᠮᠦᠩᠭᠦ ᠪᠠᠷ ᠵᠤᠳᠤᠭᠳᠠᠨ᠎ᠠ ᠭᠡᠳᠡᠭ᠌

   ᠭᠦᠮᠤᠨ ᠤ ᠨᠢᠳᠤ ᠯᠠ ᠣᠯᠠᠭᠠᠨ ᠳᠤ ᠪᠠᠨ ᠯᠠ ᠪᠢᠵᠠ

   ᠶᠡᠭᠡ ᠶᠢ ᠮᠡᠳᠡᠳᠡᠭ᠌ ᠭᠠᠢ᠌ᠬᠠᠯ ᠤᠳ

   ᠦᠪᠡᠷ ᠪᠢ ᠳᠤ ᠪᠠᠨ ᠯᠠ ᠭᠡᠪᠠᠯ

   ᠣᠪ ᠵᠢᠪ ᠲᠡᠶ ᠬᠠᠷᠠᠭᠳᠠᠨ᠎ᠠ

   ᠥᠩᠭᠡᠳᠤ ᠶ‍ᠢᠷᠳᠢᠠᠴᠤ ᠶᠢᠨ ᠠᠶᠠᠰ ᠪᠠᠢ᠌ᠪᠠ ᠤᠤ

   ᠦᠪᠡᠷ ᠤᠨ ᠮᠢᠨᠢ ᠳᠠᠩᠴᠢ ᠭᠡᠳᠤ ᠰᠡᠳᠭᠢᠯ ᠤᠨ ᠣᠨᠠᠯ ᠪᠣᠶᠤ

        ᠲ᠋ᠤᠯᠤᠭ᠎ᠠ

   ᠳᠡᠷᠭᠡᠯ ᠰᠠᠷᠠ ᠲᠡᠶ ᠦᠳᠡᠰᠢ ᠵᠢᠨ

   ᠰᠡᠳᠭᠢᠯ ᠤᠨ ᠳᠠᠪᠠᠯᠭᠠᠨ ᠰᠢᠭ ᠰᠢᠯᠦᠭ᠌ ᠮᠢᠨᠢ

   ᠨᠣᠢ᠌ᠷ ᠢ ᠠᠷᠴᠢᠨ ᠰᠦᠨᠢ ᠶᠢᠨ ᠭᠦᠨ ᠪᠣᠯᠤᠨ᠎ᠠ

   ᠭᠦᠯᠦᠭ᠌ ᠤᠨ ᠰᠠᠢ᠌ᠬᠠᠨ ᠭᠦᠯᠦᠰᠤ ᠰᠢᠭ᠌ ᠪᠣᠳᠤᠯ ᠤᠨ ᠵᠢᠷᠭᠠᠯ

  ᠭᠦᠯ ᠵᠢᠭᠢᠭ᠍ᠰᠡᠨ ᠰᠢᠭ᠌ ᠨᠢᠷᠤᠭᠤ ᠠᠮᠤᠷᠤᠨ᠎ᠠ

  ᠭᠦᠮᠤᠨ ᠤ ᠴᠡᠩᠭᠡᠯ ᠤᠨ ᠠᠳᠠᠭᠠᠷᠬᠠᠯ ᠳᠤᠮᠳᠠ

  ᠭᠦᠮᠦᠡᠯᠢᠭ᠌ ᠰᠢᠯᠦᠭ᠌ ᠶᠢᠡᠷ ᠣᠯᠵᠠᠷᠬᠠᠵᠤ ᠬᠤᠨᠤᠭᠰᠢᠨ᠎ᠠ


ᠵᠤᠬᠢᠶᠠᠭᠴᠢ ᠶᠢᠨ ᠬᠠ‍‌ᠶᠢᠭ ᠄ ᠣᠯᠠᠭᠠᠢ ᠬᠠᠮᠢᠶᠠᠷᠤᠯᠳᠠ ᠶᠢᠨ ᠣᠷᠤᠨ ᠤ ᠮᠤᠩᠭ᠋ᠤᠯ ᠰᠤᠷᠭᠠᠭᠤᠯᠢ

ᠵᠤᠬᠢᠶᠠᠭᠴᠢ᠄ ᠪᠦᠭᠡᠴᠢᠯᠡᠭᠤ
ᠬᠠᠷᠢᠶ᠎ᠠ᠄ ᠰᠢᠯᠦᠭ
ᠳᠠᠷᠤᠮ᠄ 1914
ᠴᠠᠭ᠄ 2011 ᠤᠨ ᠤ 02 ᠰᠠᠷ᠎ᠠ ᠶᠢᠨ 13