ᠭᠦᠭᠡ ᠰᠦᠮ᠎ᠡ ᠶᠢᠨ ᠭᠤᠨᠢᠷᠬᠠᠯ

ᠵᠢᠷᠭᠤᠭᠠᠨ ᠰᠠᠷ᠎ᠠ ᠶᠢᠨ ᠢᠷᠦᠭᠡᠯ ᠤᠨ ᠬᠤᠷᠠᠯ

     ᠴᠠᠭ ᠲᠠᠭᠠᠨ ᠡᠭᠢᠯᠡᠵᠡᠢ᠃

ᠵᠠᠭᠤᠨ ᠵᠥᠭ᠌ ᠤᠨ ᠰᠥᠰᠦᠭ᠍ᠳᠡᠨ ᠮᠦᠷᠭᠦᠯᠳᠡᠨ

     ᠪᠣᠯᠵᠤᠭᠰᠠᠨ ᠦᠭᠡᠶ ᠴᠤᠭᠯᠠᠵᠠᠢ᠃

ᠭᠤᠷᠪᠠᠨ ᠳᠦᠷᠤ ᠶᠢᠨ ᠳᠠᠭᠢᠯ ᠳᠠᠪᠢᠯᠭ᠎ᠠ ᠶᠢ

     ᠭᠦᠷᠳᠡᠭ᠍ᠰᠡᠭᠡᠷ ᠢᠷᠡᠭ᠍ᠰᠡᠨ

ᠭᠤᠷᠪᠠᠨ ᠵᠠᠭᠤᠨ ᠨᠠᠰᠤᠳᠠᠢ ᠪᠣᠭᠤᠷᠤᠯ ᠰᠦᠮ᠎ᠡ

     ᠯᠠᠷᠵᠢᠶᠠᠳᠠᠢ ᠰᠡᠭᠦᠢᠨᠡᠮ᠃

ᠵᠠᠵᠢᠨ ᠦᠰᠦ ᠨᠢ ᠪᠦᠷ ᠴᠠᠢ᠌ᠭᠰᠠᠨ

     ᠬᠤᠶᠠᠷ ᠨᠠᠰᠤᠳᠠᠨ

ᠵᠢᠷᠠ ᠡᠴᠡ ᠬᠤᠯᠠ ᠴᠠᠭᠠᠭᠤᠷ ᠠᠮᠢᠳᠤᠷᠠᠵᠤ ᠶᠠᠪᠣᠭᠰᠠᠨ

     ᠠᠮᠢᠳᠤ ᠳᠡᠦᠭᠡᠴᠢᠨ

ᠰᠦᠮ᠎ᠡ ᠶᠢᠨ ᠡᠮᠦᠨᠡᠭᠢ ᠭᠦᠭᠡ ᠴᠢᠯᠠᠭᠤᠨ

     ᠶᠠᠠᠳᠠᠷ ᠲᠤ ᠰᠠᠭᠤᠭᠠᠤᠨ

ᠰᠡᠭᠦᠷᠡᠰᠦᠯᠡᠵᠤ ᠪᠠᠢ᠌ᠭᠠᠤᠨ ᠢᠩᠭᠢᠵᠤ

     ᠶᠠᠷᠢᠬᠤ ᠶᠢ ᠨᠢ ᠪᠢ ᠰᠤᠨᠤᠰᠤᠯ᠎ᠠ ᠁

ᠴᠢᠩ ᠤᠨ ᠦᠶ᠎ᠡ ᠳᠤ ᠡ᠊ᠨᠳᠡ ᠴᠢᠨᠢ ᠶᠠᠷᠤ

     ᠴᠠᠪ ᠴᠡᠪᠠᠷᠭᠡᠨ ᠭᠠᠵᠠᠷ ᠪᠠᠢ᠌ᠵᠤ ᠭᠡᠨ᠎ᠡ

ᠢᠷᠭᠡᠨ ᠣᠯᠤᠰ ᠤᠨ ᠦᠶ᠎ᠡ ᠳᠤ ᠴᠤ ᠭᠡᠳ

     ᠢᠳᠡᠭᠡᠯ ᠰᠥᠰᠦᠭ᠌ ᠤᠨ ᠣᠷᠤᠨ ᠭᠡᠨ᠎ᠡ

ᠰᠦᠮ᠎ᠡ ᠶᠢᠨ ᠭᠤᠷᠢᠶ᠎ᠠ ᠳᠤ ᠨᠢᠯᠪᠣᠵᠤ ᠴᠤ ᠪᠣᠯᠬᠤ ᠦᠭᠡᠶ

     ᠰᠦᠷᠡᠭᠡᠢ ᠬᠤᠷᠢᠭ᠎ᠠ ᠲᠡᠶ ᠣᠷᠤᠨ ᠪᠠᠢ᠌ᠵᠠᠢ ᠭᠡᠨ᠎ᠡ᠂

ᠰᠥᠰᠦᠭ᠌ ᠶᠢᠡᠨ ᠭᠦᠢᠴᠡᠭᠡᠭᠦ ᠪᠠᠷ ᠢᠷᠡᠭ᠍ᠰᠡᠨ ᠮᠦᠷᠭᠦᠯᠴᠢᠳ

     ᠰᠥᠭᠦᠳᠴᠤ ᠪᠠᠢ᠌ᠭᠠᠤᠨ ᠴᠡᠪᠠᠷᠯᠡᠳᠡᠭ᠌ ᠪᠠᠢ᠌ᠵᠤ ᠭᠡᠨ᠎ᠡ

ᠣᠷᠢᠳᠤ ᠣᠷᠢᠳᠤ ᠳᠠᠭᠠᠨ ᠰᠦᠮ᠎ᠡ ᠭᠡᠢ᠌ᠤᠨ ᠴᠢᠨᠢ

     ᠣᠰᠤ ᠳᠤᠰᠤᠨ ᠳᠠᠭᠢᠯ ᠲᠡᠶ ᠶᠤᠮᠰᠠᠨ

ᠣᠳᠤ ᠬᠠᠷᠢᠨ ᠰᠦᠮ᠎ᠡ ᠭᠤᠷᠢᠶ᠎ᠠ

     ᠬᠤᠭ ᠨᠤᠪᠰᠢᠨ ᠡᠷᠭᠦᠯ ᠲᠡᠶ ᠪᠣᠯᠵᠠᠢ᠃

ᠡᠷᠳᠡ ᠳᠡᠭᠡᠳᠤ ᠳᠡᠭᠡᠨ ᠡᠨᠡ ᠭᠠᠵᠠᠷ

     ᠠᠷᠴᠠ ᠭᠦᠵᠢ ᠠᠩᠭᠢᠯᠤᠳᠠᠭ ᠪᠠᠢ᠌ᠯ᠎ᠠ

ᠡᠨᠡ ᠣᠳᠤ ᠶᠢᠨ ᠪᠣᠯᠪᠠᠰᠤᠨ ᠴᠠᠭ ᠲᠤ ᠬᠠᠷᠢᠨ

     ᠰᠢᠩᠭᠡᠭ᠌ ᠰᠢᠵᠢᠩ ᠥᠨᠦᠷᠳᠦᠭᠦ ᠪᠣᠯᠵᠠᠢ ᠁

ᠰᠡᠭᠦᠷᠡᠰᠦᠯᠡᠵᠤ ᠭᠡᠯᠡᠭᠡᠳ ᠵᠢᠭᠠᠭᠰᠠᠨ ᠵᠥᠭ᠌ ᠲᠤ

     ᠰᠤᠨᠢᠭᠤᠴᠢ ᠪᠢ ᠴᠤ ᠰᠢᠷᠪᠠᠵᠤ ᠠᠮᠵᠢᠯ᠎ᠠ

ᠰᠦᠮ᠎ᠡ ᠡᠴᠡ ᠵᠡᠭᠦᠡᠳᠡᠢ ᠵᠢᠷᠠᠭᠠᠤᠨ ᠠᠯᠬᠤᠮ ᠳᠤ

     ᠬᠤᠭ ᠨᠤᠪᠰᠢ ᠴᠢᠯᠦᠭᠡᠳᠡᠢ ᠭᠦᠭᠯᠡᠷᠡᠨ᠎ᠡ

ᠰᠤᠨ ᠭᠤᠷᠭᠤᠤᠯ ᠰᠢᠭ᠌ ᠰᠤᠭᠳᠠᠢ᠌ᠭᠰᠠᠨ ᠪᠦᠰᠡᠭᠦᠢ

     ᠰᠢᠠᠳᠠᠢ᠌ᠭᠰᠠᠨ ᠬᠠᠮᠠᠷ ᠶᠢᠡᠨ ᠠᠯᠠᠭ᠎ᠠ ᠪᠠᠷ ᠶᠢᠡᠨ ᠳᠠᠭᠯᠠᠨ᠎ᠠ ᠁

ᠪᠣᠯᠪᠠᠰᠤᠨ ᠰᠠᠢ᠌ᠬᠠᠨ ᠡᠨᠡ ᠨᠡᠢ᠌ᠭᠡᠮ ᠳᠤ

     ᠪᠣᠵᠠᠷ ᠨᠤᠪᠰᠢ ᠬᠠᠮᠢᠭ᠎ᠠ ᠴᠤ ᠭᠦᠭᠯᠡᠷᠡᠴᠢᠳᠡᠭ᠌

ᠪᠣᠷᠬᠠᠨ ᠤ ᠨᠤᠮᠯᠠᠯ ᠴᠤ ᠵᠠᠰᠠᠵᠤ ᠳᠡᠢ᠌ᠯᠭᠦ ᠦᠭᠡᠶ

     ᠪᠣᠯᠭᠢ ᠳᠤᠤᠷᠠᠳᠤ ᠶᠢᠨ ᠲᠤᠢ᠌ᠯ ᠪᠣᠯᠴᠢᠪᠠᠤ ︖

ᠬᠤᠨᠤᠭ ᠪᠦᠷᠢ ᠪᠣᠷᠬᠠᠨ ᠳᠤ ᠵᠠᠯᠪᠠᠷᠢᠭᠠᠤᠨ

     ᠬᠣᠢ᠌ᠳᠤ ᠳᠦᠷᠤᠯ ᠭᠡᠵᠤ ᠭᠦᠰᠡᠭᠦ ᠶᠢᠨ ᠣᠷᠤᠨ ᠳᠤ

ᠬᠤᠭ ᠨᠤᠪᠰᠢ ᠪᠠᠨ ᠬᠤᠮᠢᠵᠤ ᠬᠠᠰᠢᠴᠢᠬᠠᠪᠠᠯ

     ᠡᠨᠡ ᠦᠶ᠎ᠡ ᠳᠡᠭᠡᠨ ᠪᠣᠶᠠᠨ ᠴᠤ ᠪᠢᠯᠢᠤ ︖


ᠵᠤᠬᠢᠶᠠᠭᠴᠢ ᠶᠢᠨ ᠬᠠ‍‌ᠶᠢᠭ ᠄ ᠪᠠᠭᠠᠷᠢᠨ

ᠵᠤᠬᠢᠶᠠᠭᠴᠢ᠄ ᠬᠠᠨ ᠭᠡᠨᠳᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1645
ᠴᠠᠭ᠄ 2011 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ