ᠰᠤᠶᠤᠯ ᠤᠨ ᠪᠠᠯᠠᠢ᠌ᠷᠠᠯ

ᠪᠢ ᠨᠢᠭᠡ ᠨᠠᠢ᠌ᠵᠠ ᠲᠡᠶ ᠪᠠᠨ ᠣᠳᠤᠭᠢ ᠨᠡᠢ᠌ᠭᠡᠮ ᠤᠨ ᠪᠠᠢ᠌ᠳᠠᠯ ᠭᠢᠭᠡᠤᠨ ᠦᠪᠣᠷ ᠮᠤᠩᠭ᠋ᠤᠯᠴᠤᠳ ᠤᠨ ᠠᠮᠢᠳᠤᠷᠠᠬᠤᠢ᠂ ᠣᠷᠤᠰᠢᠬᠤᠢ᠂ ᠭᠦᠭ᠍ᠵᠢᠭᠦᠢ ᠶᠢᠨ ᠪᠠᠢ᠌ᠳᠠᠯ ᠢ ᠰᠤᠯᠠ ᠶᠠᠷᠢᠯᠴᠠᠬᠤ ᠳᠤᠮᠳᠠ᠂ ᠨᠠᠢ᠌ᠵᠠ ᠶᠢᠨ ᠮᠢᠨᠢ ᠭᠡᠯᠡᠭ᠍ᠰᠡᠨ ᠨᠢᠭᠡᠨ ᠥᠭᠡ ᠨᠠᠳᠠ ᠳᠤ ᠭᠦᠨ ᠰᠠᠭᠤᠭᠳᠠᠯ ᠦᠭ‍ᠭᠦᠭ᠍ᠰᠡᠨ ᠪᠦᠭᠡᠤᠨ ᠭᠦᠨ ᠪᠣᠳᠤᠯᠭᠠᠰᠢᠷᠠᠯ ᠳᠤ ᠣᠷᠤᠭᠤᠯᠤᠭᠰᠠᠨ ᠶᠤᠮ᠃

《ᠮᠤᠩᠭ᠋ᠤᠯ ᠭᠡᠦᠭᠡᠤᠨ ᠪᠢᠴᠢᠭ᠌ ᠦᠵᠡᠵᠤ ᠰᠤᠷᠭᠠᠭᠤᠯᠢ ᠳᠤ ᠰᠠᠭᠤᠬᠤ ᠳᠠᠭᠠᠨ᠂ ᠭᠢᠷᠢ ᠪᠦᠳᠦᠮᠵᠢ ᠨᠢ ᠭᠡᠳᠦᠢ ᠮᠠᠭᠤ ᠪᠣᠯᠤᠭᠰᠠᠨ ᠴᠤ ᠳᠠᠷᠠ ᠨᠢ ᠠᠶᠤᠮᠰᠢᠭᠳᠠᠢ ᠪᠢᠰᠢ᠃ ᠬᠠᠷᠢᠨ ᠰᠤᠷᠭᠠᠭᠤᠯᠢ ᠰᠤᠶᠤᠯ ᠤᠨ ᠮᠦᠷ ᠢ ᠭᠦᠭᠡᠭᠡᠭᠦ ᠦᠭᠡᠶ ᠪᠣᠶᠤ ᠰᠤᠷᠭᠠᠭᠤᠯᠢ ᠰᠤᠶᠤᠯ ᠤᠨ ᠵᠠᠮ ᠶᠢᠡᠨ ᠬᠠᠭᠠᠰ ᠳᠤᠳᠠᠭᠤ ᠣᠷᠭᠢᠵᠤ᠂ ᠮᠤᠩᠭ᠋ᠤᠯ ᠰᠤᠶᠤᠯ ᠤᠨ ᠪᠠᠯᠠᠢ ᠪᠣᠯᠬᠤ ᠨᠢ ᠬᠠᠮᠤᠭ ᠠᠶᠤᠮᠰᠢᠭᠳᠠᠢ ᠶᠤᠮ᠃ ᠥᠭᠡ ᠭᠡᠯᠡ ᠥᠰᠦᠭ᠌ ᠪᠢᠴᠢᠭ᠌ ᠤᠨ ᠪᠠᠯᠠᠢ᠌ᠷᠠᠯ ᠨᠢ ᠵᠥᠪᠭᠡᠨ ᠬᠠᠢ᠌ᠯᠤᠭᠳᠠᠬᠤ ᠡᠴᠠ ᠪᠢᠰᠢ᠂ ᠣᠯᠠᠩᠭᠢ ᠴᠠᠭ ᠲᠠᠭᠠᠨ ᠬᠠᠷᠢᠨ ᠨᠢᠭᠡᠨ ᠦᠨᠳᠦᠰᠦᠳᠠᠨ ᠤ ᠥᠭᠡ ᠭᠡᠯᠡ᠂ ᠥᠰᠦᠭ᠌ ᠪᠢᠴᠢᠭ᠌ ᠶᠢᠡᠨ ᠭᠦᠯᠢᠶᠡᠨ ᠠᠪᠬᠤ ᠡᠰᠡᠭᠦ᠂ ᠵᠠᠯᠭᠠᠮᠵᠢᠯᠠᠨ ᠣᠯᠠᠮᠵᠢᠯᠠᠬᠤ ᠡᠰᠡᠭᠦ ᠡᠴᠠ ᠳᠤᠭᠳᠠᠭᠠᠭᠳᠠᠨ᠎ᠠ᠃》

ᠣᠳᠤᠭᠢ ᠮᠤᠩᠭ᠋ᠤᠯ ᠭᠡᠦᠭᠡᠤᠨ ᠪᠢᠴᠢᠭ᠌ ᠰᠤᠶᠤᠯ ᠤᠨ ᠮᠦᠷ ᠢ ᠭᠦᠭᠡᠭᠡᠭᠦ ᠳᠤᠷ᠎ᠠ ᠦᠭᠡᠶ᠂ ᠵᠤᠭᠤᠰ ᠮᠦᠩᠭᠦ᠂ ᠴᠡᠩᠭᠡᠯ ᠵᠢᠷᠭᠠᠯ ᠵᠡᠷᠭᠡ ᠭᠡᠢ ᠬᠤᠭᠤᠰᠤᠨ ᠨᠡᠷᠡᠯᠭᠡᠭ᠌ ᠵᠣᠢ᠌ᠯ ᠳᠤ ᠪᠦᠭᠦ ᠳᠠᠷᠢᠭᠢ᠂ ᠪᠦᠭᠦ ᠳᠠᠮᠢᠷ ᠶᠢᠡᠨ ᠪᠠᠷᠠᠭᠠᠨ᠂ ᠪᠢᠴᠢᠭ᠌ ᠰᠤᠶᠤᠯ ᠭᠡᠵᠤ ᠮᠡᠳᠡᠭᠦ ᠦᠭᠡᠶ ᠪᠣᠶᠤ ᠴᠤᠯᠭᠤᠢ ᠳᠤᠷᠭᠤᠨ ᠮᠡᠳᠡᠴᠢᠭᠡᠭᠡᠤᠨ᠂ ᠵᠡᠭᠦᠳᠤ ᠮᠠᠨᠠᠨ ᠰᠢᠭ ᠠᠮᠢᠳᠤᠷᠠᠯ ᠢ ᠭᠦᠭᠡᠭᠡᠴᠡᠯᠳᠤᠨ ᠶᠠᠪᠣᠵᠤ ᠪᠣᠢ᠃ ᠡᠨᠡ ᠨᠢ ᠨᠢᠭᠡ ᠳᠠᠯ᠎ᠠ ᠪᠠᠷ ᠭᠡᠷ ᠤᠨ ᠠᠬᠠᠮᠤᠨ ᠤᠨ ᠰᠤᠷᠭᠠᠯ ᠰᠤᠶᠤᠯ ᠭᠦᠷᠳᠡᠭ᠍ᠰᠡᠨ ᠭᠡᠮᠵᠢᠶᠡᠨ ᠡᠴᠠ ᠳᠤᠭᠳᠠᠭᠠᠭᠳᠠᠨ᠎ᠠ᠃ ᠨᠥᠭᠦᠭᠡ ᠳᠠᠯ᠎ᠠ ᠡᠴᠠ ᠨᠡᠢ᠌ᠭᠡᠮ ᠤᠨ ᠨᠥᠯᠦᠭᠡ ᠭᠢᠭᠡᠤᠨ ᠵᠠᠯᠠᠭᠤ ᠪᠠᠭᠠᠴᠤᠳ ᠤᠨ ᠳᠤᠭᠳᠠᠭᠤᠷᠢ ᠦᠭᠡᠶ ᠪᠦᠭᠡᠤᠨ ᠭᠡᠳᠦᠷᠭᠡᠢ ᠨᠢᠯᠬᠠᠰᠠᠭ ᠪᠣᠳᠤᠯ ᠲᠡᠶ ᠬᠠᠮᠢᠶ᠎ᠠ ᠲᠡᠶ᠃ ᠡᠭᠦᠨ ᠡᠴᠠ ᠴᠢᠨᠠᠭᠰᠢᠯᠠᠨ ᠭᠡᠯᠡᠪᠠᠯ᠂ ᠡᠳᠡᠭᠡᠷ ᠭᠦᠮᠦᠰ ᠣᠯᠠᠩᠭᠢ ᠨᠢ ᠨᠤᠳᠤᠭ ᠶᠢᠡᠨ ᠬᠠᠶᠠᠵᠤ ᠴᠤᠯᠤ ᠭᠢᠳᠠᠤᠨ ᠭᠠᠵᠠᠷ ᠲᠤ ᠭᠦᠷᠴᠤ ᠭᠦᠯᠦᠰᠤᠨ ᠠᠵᠢᠯ ᠭᠢᠵᠤ᠂ ᠣᠤᠷ ᠰᠤᠶᠤᠯ ᠶᠢᠡᠨ ᠬᠤᠭ ᠳᠠᠶᠠᠭᠳᠠᠨ᠂ ᠨᠤᠳᠤᠭ ᠶᠢᠡᠨ ᠭᠤᠯᠤᠬᠤ ᠪᠣᠳᠤᠯ ᠠᠶᠠᠠᠳᠠᠭᠠᠨ ᠣᠷᠭᠤᠵᠤ᠂ ᠳᠠᠭᠢᠨ ᠭᠡᠷ ᠪᠦᠯᠢ ᠪᠠᠢ᠌ᠭᠤᠯᠤᠭᠰᠠᠨ ᠴᠤ ᠦᠷ᠎ᠡ ᠭᠡᠦᠭᠡᠤᠨ ᠨᠢ ᠮᠤᠩᠭ᠋ᠤᠯ ᠰᠤᠶᠤᠯ ᠲᠡᠶ ᠣᠢ᠌ᠷᠠᠳᠤᠬᠤ ᠵᠠᠪᠰᠢᠶᠠᠨ ᠪᠠᠭᠠᠰᠴᠤ᠂ ᠪᠦᠷ ᠭᠢᠳᠠᠤᠨ ᠰᠤᠶᠤᠯ ᠤᠨ ᠢᠮ ᠳᠠᠮᠠᠭ᠎ᠠ ᠶᠢ ᠳᠠᠷᠤᠳᠠᠭ ᠶᠤᠮᠰᠠᠨ᠃

ᠡᠭᠦᠨ ᠡᠴᠠ ᠠᠰᠳᠠᠭᠠᠨ᠂ ᠣᠳᠤᠭᠢ ᠮᠤᠩᠭ᠋ᠤᠯᠴᠤᠳ ᠤᠨ ᠳᠤᠳᠤᠷ᠎ᠠ᠂ ᠭᠡᠦᠭᠡᠤᠨ ᠶᠢᠡᠨ ᠭᠢᠳᠠᠤᠨ ᠰᠤᠷᠭᠠᠭᠤᠯᠢ ᠳᠤ ᠰᠠᠭᠤᠯᠭᠠᠵᠤ᠂ ᠭᠢᠳᠠᠤᠨ ᠰᠤᠶᠤᠯ ᠢ ᠣᠯᠠᠮᠵᠢᠯᠠᠨ᠂ ᠮᠤᠩᠭ᠋ᠤᠯ ᠰᠤᠶᠤᠯ ᠡᠴᠠ ᠡᠷᠡᠰ ᠵᠠᠢ᠌ᠳᠠᠭᠤᠯᠵᠤ ᠪᠠᠢ᠌ᠭ᠎ᠠ ᠭᠦᠮᠤᠨ ᠨᠠᠯᠢᠶᠠᠤᠨ ᠣᠯᠠᠨ ᠪᠣᠯᠵᠤ ᠪᠣᠢ᠃ ᠡᠨᠡᠭᠦ ᠥᠵᠡᠭ᠍ᠳᠡᠯ ᠢ ᠭᠡᠦᠭᠡᠤᠨ ᠤᠨ ᠢᠷᠡᠭᠡᠳᠦᠢ ᠶᠢ ᠪᠣᠳᠤᠵᠤ ᠪᠠᠢ᠌ᠬᠤ ᠳᠠᠯ᠎ᠠ ᠡᠴᠠ ᠰᠠᠤᠠᠭᠢᠪᠠᠯ ᠪᠠᠰᠠ ᠴᠤ ᠵᠦᠪ ᠪᠢᠰᠢ ᠭᠡᠵᠤ ᠭᠡᠯᠡᠭᠦ ᠶᠢᠨ ᠠᠷᠭ᠎ᠠ ᠦᠭᠡᠶ᠃ ᠣᠳᠤᠭᠢ ᠰᠢᠷᠦᠭᠦᠨ ᠥᠷᠢᠰᠦᠯᠳᠦᠭᠡᠨ ᠤ ᠨᠡᠢ᠌ᠭᠡᠮ ᠳᠤ ᠮᠠᠨ ᠤ ᠮᠤᠩᠭ᠋ᠤᠯ ᠦᠨᠳᠦᠰᠦᠳᠠᠨ ᠤ ᠵᠠᠷᠢᠮ ᠳᠠᠯ᠎ᠠ ᠪᠠᠷ ᠪᠣᠰᠤᠳ ᠦᠨᠳᠦᠰᠦᠳᠠᠨ ᠡᠴᠠ ᠬᠤᠴᠤᠷᠴᠤ ᠪᠠᠢ᠌ᠭ᠎ᠠ ᠪᠠᠢ᠌ᠳᠠᠯ ᠭᠦᠡᠳᠤ ᠨᠤᠴᠢᠳᠠᠢ ᠣᠷᠤᠰᠢᠵᠤ ᠪᠠᠢ᠌ᠨ᠎ᠠ᠃ ᠭᠡᠷ ᠪᠦᠯᠢ ᠭᠢᠭᠡᠤᠨ ᠬᠤᠪᠢ ᠭᠦᠮᠤᠨ ᠤ ᠠᠰᠢᠭ ᠳᠤᠰᠠ ᠵᠢᠨ ᠲᠠᠯ᠎ᠠ ᠡᠴᠠ ᠥᠵᠡᠭᠦ ᠳᠤ ᠭᠡᠦᠭᠡᠤᠨ ᠶᠢᠡᠨ ᠭᠢᠳᠠᠤᠨ ᠶᠢᠡᠷ ᠥᠵᠡᠭᠦᠯᠪᠠᠯ ᠳᠠᠪᠠᠮᠠᠭᠠᠢ ᠳᠠᠯ᠎ᠠ ᠨᠠᠯᠢᠶᠠᠤᠨ ᠪᠣᠢ᠃ ᠭᠡᠪᠠᠴᠤ ᠨᠥᠭᠦᠭᠡ ᠳᠠᠯ᠎ᠠ ᠪᠠᠷ ᠳᠠᠷᠠ ᠨᠢ ᠭᠡᠳᠦᠷᠭᠡᠢ ᠬᠤᠪᠢᠠᠴᠢᠷ ᠦᠵᠡᠯ ᠪᠠᠢ᠌ᠵᠤ᠂ ᠪᠠᠢ᠌ᠭᠠᠯᠢ ᠨᠡᠢ᠌ᠭᠡᠮ ᠤᠨ ᠵᠢᠩᠭᠢᠨᠢ ᠣᠳᠤᠮᠯᠠᠯ ᠤᠨ ᠵᠢᠮ᠎ᠠ ᠶᠤᠰᠤ ᠡᠴᠠ ᠳᠠᠷᠰᠯᠠᠵᠤ᠂ ᠦᠨᠳᠦᠰᠦᠳᠠᠨ ᠣᠭᠰᠠᠭᠠᠳᠠᠨ ᠶᠢᠡᠨ ᠠᠷᠤ ᠳᠠᠭᠠᠨ ᠬᠠᠶᠠᠭᠰᠠᠨ ᠶᠠᠪᠣᠳᠠᠯ ᠪᠣᠯᠤᠨ᠎ᠠ᠃ ᠳᠠᠳᠠᠨ ᠢ ᠭᠡᠳᠦᠷᠭᠡᠢ ᠰᠢᠭᠦᠮᠵᠢᠯᠡᠭᠦ ᠶᠢ ᠱᠠᠭᠠᠷᠳᠠᠬᠤ ᠦᠭᠡᠶ᠂ ᠭᠡᠪᠠᠴᠤ ᠳᠠᠳᠠ ᠨᠡᠷ ᠡᠴᠠ 《ᠰᠤᠯᠤᠩᠭ᠋ᠤᠰ ᠭᠡᠯᠡ ᠪᠠᠨ ᠮᠡᠳᠡᠭᠦ ᠦᠭᠡᠶ ᠰᠤᠯᠤᠩᠭ᠋ᠤᠰ ᠭᠦᠮᠤᠨ ᠪᠠᠢ᠌ᠨ᠎ᠠ ᠦᠦ ︖》 《ᠢᠪᠠᠷᠠᠢ ᠭᠡᠯᠡ ᠪᠠᠨ ᠮᠡᠳᠡᠭᠦ ᠦᠭᠡᠶ ᠢᠪᠠᠷᠠᠢ ᠭᠦᠮᠤᠨ ᠪᠠᠢ᠌ᠨ᠎ᠠ ᠦᠦ ︖》 ᠭᠡᠵᠤ ᠠᠰᠠᠭᠤᠪᠠᠯ᠂ ᠳᠠᠳᠠ ᠨᠡᠷ ᠨᠢᠭᠡ ᠦᠨᠳᠦᠰᠦᠳᠠᠨ ᠤ ᠵᠤᠷᠢᠭ ᠰᠠᠨᠠᠭ᠎ᠠ᠂ ᠦᠨᠳᠦᠰᠦᠳᠠᠨ ᠶᠢᠡᠨ ᠬᠠᠢ᠌ᠷᠠᠯᠠᠬᠤ ᠵᠤᠷᠢᠭ ᠰᠠᠨᠠᠭ᠎ᠠ ᠭᠡᠭ᠍ᠴᠢ ᠶᠠᠭᠤ ᠪᠣᠯᠬᠤ ᠶᠢ ᠪᠠᠬᠠᠨ ᠪᠣᠳᠤᠬᠤ ᠮᠠᠭᠠᠤᠨ ᠦᠭᠡᠶ᠃

《ᠳᠡᠯᠡᠭᠡᠢ ᠶᠢᠨ ᠴᠠᠭᠳᠠᠭ᠎ᠠ》 ᠪᠣᠯᠤᠭᠰᠠᠨ ᠠᠮᠸᠷᠢᠺᠠ ᠣᠯᠤᠰ ᠤᠨ ᠰᠢᠡᠵᠢᠯᠡᠭᠦ ᠮᠡᠷᠭᠡᠵᠢᠯ᠂ ᠠᠵᠤ ᠠᠬᠤᠢ᠂ ᠮᠦᠩᠭᠦᠨ ᠭᠦᠢᠯᠭᠡᠭᠡᠨ ᠤ ᠠᠮᠢᠨ ᠰᠤᠳᠠᠰᠤ ᠶᠢ ᠨᠢ ᠠᠳᠬᠤᠵᠤ ᠪᠠᠢ᠌ᠭ᠎ᠠ ᠢᠪᠠᠷᠠᠢ ᠭᠦᠮᠤᠨ ᠢ ᠪᠦᠭᠦᠳᠡᠭᠡᠷ ᠪᠦᠷ ᠮᠠᠳᠠᠨ᠎ᠡ᠃ ᠳᠠᠳᠠᠨ ᠳᠤ ᠰᠤᠶᠤᠯ ᠤᠨ ᠪᠠᠯᠠᠢ ᠪᠠᠢ᠌ᠬᠤ ᠦᠭᠡᠶ᠂ ᠳᠠᠳᠠ ᠨᠡᠷ 《ᠠᠷᠢᠭᠤᠨ ᠨᠤᠮ》 ᠶᠢᠡᠨ ᠣᠩᠰᠢᠵᠤ᠂ ᠣᠢ᠌ᠯᠠᠭᠠᠨ ᠴᠡᠭᠡᠵᠢᠯᠡᠭᠦ ᠪᠠᠷ ᠳᠠᠮᠵᠢᠨ ᠭᠦᠮᠤᠨ ᠨᠢᠭᠡᠪᠦᠷᠢ ᠪᠦᠷ ᠰᠤᠷᠭᠠᠯ ᠭᠦᠷᠳᠡᠨ᠂ ᠠᠵᠤ ᠠᠮᠢᠳᠤᠷᠠᠬᠤ᠂ ᠠᠷᠠᠯᠵᠢᠶ᠎ᠠ ᠮᠠᠢ᠌ᠮᠠᠢ᠌ᠴᠢᠯᠠᠬᠤ ᠡᠯ᠎ᠡ ᠵᠣᠢ᠌ᠯ ᠤᠨ ᠴᠢᠳᠠᠪᠣᠷᠢ ᠮᠡᠷᠭᠡᠵᠢᠯ ᠭᠢᠭᠡᠤᠨ ᠰᠥᠰᠦᠭ᠌ ᠪᠢᠰᠢᠷᠠᠯ᠂ ᠦᠨᠳᠦᠰᠦᠳᠠᠨ ᠤ ᠦᠵᠡᠯ᠂ ᠳᠠᠮᠠᠴᠠᠯ ᠤᠨ ᠵᠤᠷᠢᠭ ᠰᠠᠨᠠᠭᠠᠨ ᠤ ᠭᠦᠷᠳᠡᠮᠵᠢ ᠶᠢ ᠣᠯᠳᠠᠭ᠃

ᠬᠠᠷᠢᠨ ᠮᠠᠨᠠᠢ᠌ᠭᠢᠨ ᠤ ᠨᠢᠭᠡ ᠪᠦᠯᠦᠭ᠌ ᠭᠦᠮᠦᠰ᠂ ᠮᠤᠩᠭ᠋ᠤᠯ ᠥᠰᠦᠭ᠌ ᠪᠢᠴᠢᠭ᠌ ᠶᠢᠡᠨ ᠭᠤᠯᠤᠴᠢᠬᠠᠭᠠᠤᠨ᠂ ᠵᠠᠷᠤᠬᠤ ᠶᠢ ᠭᠡᠯᠡᠭᠦ ᠦᠭᠡᠶ᠂ ᠮᠤᠩᠭ᠋ᠤᠯ ᠶᠢᠡᠷ ᠭᠡᠯᠡᠪᠠᠯ ᠭᠡᠳᠦᠢ ᠭᠤᠳᠤᠮᠰᠢᠭ ᠲᠡᠶ ᠰᠢᠭ ᠰᠠᠨᠠᠭᠳᠠᠨ᠂ ᠭᠢᠳᠠᠤᠨ ᠶᠢᠡᠷ ᠣᠷᠤᠰᠬᠠᠴᠢᠬᠠᠭᠠᠤᠨ᠂ ᠨᠢᠷᠤᠭᠤ ᠭᠡᠳᠡᠢ᠌ᠨ ᠶᠠᠪᠣᠳᠠᠭ ᠶᠤᠮ᠃ ᠬᠤᠳᠠ ᠪᠠᠯᠭᠠᠰᠤᠨ ᠳ᠋ᠠᠭᠢ ᠣᠯᠠᠩᠭᠢ ᠭᠤᠸᠠᠠᠵᠠ᠂ ᠳᠡᠯᠭᠡᠭᠦᠷ᠂ ᠪᠠᠭᠤᠳᠠᠯ ᠵᠡᠷᠭᠡ ᠥᠢᠯᠴᠢᠯᠡᠭᠡᠨ ᠤ ᠭᠠᠵᠠᠷ ᠭᠦᠯᠦᠰᠤᠨ ᠠᠵᠢᠯ ᠪᠠᠢ᠌ᠭ᠎ᠠ ᠮᠤᠩᠭ᠋ᠤᠯ ᠵᠠᠯᠠᠭᠤ ᠭᠦᠤ᠂ ᠭᠡᠦᠭᠡᠡᠴᠦᠳ ᠨᠠᠩ ᠴᠤ ᠭᠢᠳᠠᠤᠨ ᠶᠢᠡᠷ ᠶᠠᠷᠢᠬᠤ ᠪᠠᠨ ᠡᠷᠳᠡᠮ ᠪᠣᠯᠭᠠᠨ᠂ ᠮᠤᠩᠭ᠋ᠤᠯ ᠵᠤᠴᠢᠨ ᠮᠤᠷᠢᠯᠠᠨ ᠪᠠᠢ᠌ᠳᠠᠯ ᠶᠢᠡᠷ ᠨᠢ ᠮᠤᠩᠭ᠋ᠤᠯ ᠥᠢᠯᠡᠴᠢᠯᠡᠭ᠍ᠴᠢ ᠭᠡᠵᠤ ᠮᠡᠳᠡᠴᠢᠭᠡᠭᠡᠤᠨ ᠪᠠᠢ᠌ᠬᠤ ᠳᠤ᠂ ᠮᠤᠩᠭ᠋ᠤᠯ ᠶᠢᠡᠷ ᠶᠢᠡᠨ ᠥᠭᠡ ᠰᠤᠯᠢᠯᠴᠠᠬᠤ ᠭᠡᠵᠤ ᠪᠠᠢ᠌ᠬᠤ ᠳᠤ᠂ ᠪᠠᠰᠠᠯᠠ ᠪᠢᠷ ᠴᠠᠭᠠᠰᠤ ᠠᠤᠠᠬᠤᠨ ᠠᠵᠢᠭ ᠴᠤ ᠦᠭᠡᠶ ᠴᠢᠷᠠᠢ᠌ᠯᠠᠨ 《ᠶᠤᠤ ᠳ᠋ᠢᠶᠠᠨ ᠱᠧᠨ ᠮᠧ ︖》 ᠭᠡᠤᠨ ᠯᠠ ᠪᠠᠭᠠᠰᠢᠯᠠᠵᠤ ᠯᠠ ᠪᠠᠢ᠌ᠨ᠎ᠠ᠃ ᠮᠤᠩᠭ᠋ᠤᠯ ᠥᠭᠡ ᠥᠨᠡᠭᠡᠷ ᠳᠠᠢ᠌ᠮᠤ ᠮᠠᠭᠤᠬᠠᠢ ᠰᠠᠨᠠᠭᠳᠠᠭᠰᠠᠨ ᠦᠦ ︖ ᠳᠠ ᠨᠡᠷ ᠲᠠᠭᠠᠨ ︕ ᠦᠨᠡᠨ ᠳᠡᠭᠡᠨ ᠭᠢᠳᠠᠤᠨ ᠯᠤᠤᠪᠠᠨ ᠮᠤᠩᠭ᠋ᠤᠯ ᠭᠡᠦᠭᠡᠤᠨ ᠢ ᠮᠠᠢ᠌ᠮᠠᠢ ᠳᠠᠭᠠᠨ ᠵᠠᠷᠤᠵᠤ ᠪᠠᠢ᠌ᠭ᠎ᠠ ᠶᠢᠨ ᠵᠤᠷᠢᠯᠭ᠎ᠠ ᠨᠢ ᠮᠤᠩᠭ᠋ᠤᠯ ᠭᠠᠵᠠᠷ ᠤᠨ ᠣᠠᠴᠠᠯᠢᠭ ᠲᠤ ᠳᠤᠭᠢᠷᠠᠭᠤᠯᠤᠨ᠂ ᠭᠢᠳᠠᠤᠨ ᠮᠤᠩᠭ᠋ᠤᠯ ᠥᠭᠡᠨ ᠳᠡᠭᠡᠨ ᠳᠡᠭ᠍ᠰᠢᠭᠡᠨ ᠢ ᠨᠢ ᠠᠰᠢᠭᠯᠠᠨ᠂ ᠦᠨᠳᠦᠰᠦᠳᠠᠨ ᠤ ᠬᠠᠢ᠌ᠷ᠎ᠠ ᠰᠠᠤᠠᠭᠢᠯ ᠭᠢᠭᠡᠤᠨ ᠠᠮᠠᠷᠬᠠᠨ ᠢᠵᠢᠯᠰᠢᠭᠦ ᠬᠠᠷᠢᠴᠠᠭ᠎ᠠ ᠶᠢ ᠨᠢ ᠠᠰᠢᠭᠯᠠᠨ ᠮᠤᠩᠭ᠋ᠤᠯ ᠭᠡᠢ᠌ᠴᠢᠨ ᠵᠤᠴᠢᠨ ᠢ ᠢᠯᠡᠭᠦᠭᠡᠨ ᠰᠢᠭ᠌ ᠳᠠᠳᠠᠬᠤ ᠭᠡᠰᠡᠨ ᠶᠤᠮ᠃ ᠭᠡᠷᠪᠡ ᠡᠢ᠌ᠮᠤ ᠵᠤᠷᠢᠯᠳᠠ ᠶᠢ ᠨᠢ ᠴᠤ ᠦᠯᠦ ᠰᠠᠤᠠᠭᠢᠨ᠂ ᠡᠷᠡᠰᠳᠡᠭᠡᠤᠨ ᠪᠠᠢ᠌ᠳᠠᠭ ᠪᠣᠯ᠂ ᠮᠢᠨᠤ ᠥᠵᠡᠭᠦ ᠪᠠᠷ ᠬᠤᠶᠠᠷ ᠵᠣᠢ᠌ᠯ ᠤᠨ ᠢᠷᠡᠭᠡᠳᠦᠢ ᠲᠡᠶ᠃ ᠨᠢᠭᠡ ᠪᠣᠯ ᠮᠤᠩᠭ᠋ᠤᠯ ᠳᠠᠭᠠᠨ ᠭᠤᠯᠤᠭᠳᠠᠨ᠂ ᠮᠤᠩᠭ᠋ᠤᠯ ᠵᠤᠴᠢᠨ ᠪᠠᠭᠠᠳᠠᠨ᠎ᠠ᠃ ᠡᠰᠡᠭᠦᠯ᠎ᠡ ᠭᠢᠳᠠᠤᠳ ᠯᠤᠤᠪᠠᠨ ᠳᠤ ᠭᠤᠯᠤᠭᠳᠠᠨ ᠭᠠᠭᠴᠠ ᠢᠰᠭᠦᠯᠦᠭ᠍ᠳᠡᠭᠡᠤᠨ᠂ ᠬᠤᠪᠢ ᠵᠠᠶᠠᠭᠠᠨ ᠳᠠᠭᠠᠨ ᠭᠤᠮᠤᠳᠠᠨ᠎ᠠ᠃ ᠮᠤᠩᠭ᠋ᠤᠯ ᠥᠭᠡ ᠭᠡᠯᠡ ᠪᠣᠳᠠᠭᠠᠨ ᠠᠶᠠᠭ᠎ᠠ ᠶᠢ ᠴᠢᠨᠢ ᠬᠠᠭᠠᠯᠬᠤ ᠪᠠᠷ ᠦᠭᠡᠶ᠂ ᠬᠠᠷᠢᠨ ᠮᠤᠩᠭ᠋ᠤᠯ ᠭᠢᠳᠠᠤᠨ ᠲᠠᠭᠠᠨ ᠳᠡᠭ᠍ᠰᠢᠭᠡᠨ ᠮᠤᠩᠭ᠋ᠤᠯᠴᠠᠤᠳ᠂ ᠦᠪᠣᠷ ᠮᠤᠩᠭ᠋ᠤᠯ ᠤᠨ ᠭᠡᠪᠴᠢᠶᠡᠨ ᠳᠤ᠂ ᠴᠢᠨᠠᠭᠰᠢᠯᠠᠨ ᠨᠠᠩ ᠬᠤᠯᠠ ᠭᠠᠵᠠᠷ ᠲᠤ ᠴᠤ ᠦᠨᠡᠳᠠᠢ ᠡᠷᠳᠡᠨᠢ ᠪᠣᠯᠬᠤ ᠶᠤᠰᠤᠳᠠᠢ᠃

ᠮᠠᠨ ᠤ ᠮᠤᠩᠭ᠋ᠤᠯ ᠭᠡᠦᠭᠡᠤᠨ ᠪᠢᠳᠠᠭᠤ ᠪᠢᠰᠢ᠂ ᠡᠭᠡ ᠭᠡᠯᠡ ᠪᠠᠨ ᠮᠡᠳᠡᠭ᠍ᠰᠡᠨ ᠤ ᠰᠠᠭᠤᠷᠢᠨ ᠳᠡᠭᠡᠷ᠎ᠡ᠂ ᠭᠢᠳᠠᠤᠨ ᠭᠡᠯᠡ ᠶᠢ ᠰᠤᠷᠬᠤ ᠴᠢᠨᠢ ᠠᠶᠠᠠᠳᠠᠭᠠᠨ ᠤ ᠭᠡᠷᠡᠭ᠌᠂ ᠳᠡᠭᠡᠷ᠎ᠡ ᠨᠢ ᠠᠩᠭ᠍ᠯᠢ᠂ ᠶᠠᠫᠣᠨ ᠭᠡᠯᠡ ᠵᠡᠷᠭᠡ ᠶᠢ ᠡᠵᠡᠮᠰᠢᠴᠢᠭᠡᠪᠠᠯ᠂ ᠠᠶᠠᠠᠳᠠᠭᠠᠨ ᠤ ᠭᠡᠯᠡ ᠰᠢᠡᠵᠢᠯᠡᠭᠡᠳᠡᠨ ᠪᠢᠰᠢ ᠴᠤ᠂ ᠠᠮᠢᠳᠤᠷᠠᠯ ᠳᠤᠮᠳᠠᠭᠢ ᠴᠢᠳᠠᠪᠣᠷᠢᠳᠠᠨ ᠪᠣᠯᠵᠤ ᠴᠢᠳᠠᠨ᠎ᠠ᠃ ᠶᠠᠭᠤᠨ ᠳᠤ ᠠᠵᠢᠯ ᠣᠯᠬᠤ ᠦᠭᠡᠶ᠂ ᠠᠮᠢᠳᠤᠷᠠᠵᠤ ᠳᠡᠢ᠌ᠯᠭᠦ ᠦᠭᠡᠶ ᠡᠴᠠ ᠵᠤᠪᠠᠨ᠎ᠠ ᠪᠣᠢ ︖ 《ᠰᠤᠶᠤᠯ ᠤᠨ ᠬᠤᠪᠢᠰᠬᠠᠯ》 ᠰᠢᠭ ᠰᠠᠮᠠᠭᠤᠨ ᠴᠠᠭ ᠲᠤ ᠮᠡᠳᠡᠯᠭᠡ ᠰᠤᠶᠤᠯ ᠶᠢᠡᠷ ᠥᠷᠭᠡᠨ ᠭᠦᠮᠤᠨ ᠭᠦᠨᠦᠭᠡᠭ᠍ᠳᠡᠭᠦ ᠮᠠᠭᠠᠤᠨ᠂ ᠭᠡᠳᠡᠯ᠎ᠡ ᠡᠪ ᠨᠠᠢ᠌ᠷᠠᠮᠳᠠᠭᠤ ᠪᠦᠭᠡᠤᠨ ᠥᠭᠡᠳᠡᠯᠡᠨ ᠳᠡᠭ᠍ᠵᠢᠷᠡᠵᠤ ᠪᠠᠢ᠌ᠭ᠎ᠠ ᠣᠳᠤᠭᠢ ᠨᠡᠢ᠌ᠭᠡᠮ ᠳᠤ ᠭᠡᠳᠦᠢ ᠢᠯᠡᠭᠦᠤ ᠮᠡᠳᠡᠯᠭᠡ ᠲᠡᠶ ᠪᠣᠯ ᠳᠠᠷᠠ ᠡᠷᠳᠡᠮ ᠶᠢᠡᠷ ᠶᠢᠡᠨ ᠳᠠᠮᠵᠢᠨ ᠠᠯᠢᠪᠠ ᠰᠠᠢ᠌ᠨ ᠰᠠᠢ᠌ᠬᠠᠨ ᠭᠦᠰᠡᠯ ᠵᠤᠷᠢᠯᠳᠠ ᠪᠠᠨ ᠪᠠᠶᠡᠯᠡᠭᠦᠯᠵᠤ ᠳᠠᠢ᠌ᠯᠤᠨ᠎ᠡ᠃

ᠣᠳᠤᠭᠢ ᠨᠡᠢ᠌ᠭᠡᠮ ᠪᠣᠯ ᠭᠡᠳᠤ ᠥᠷᠢᠰᠦᠯᠳᠦᠭᠡᠨ ᠤ ᠨᠡᠢ᠌ᠭᠡᠮ᠂ ᠭᠡᠪᠠᠴᠤ ᠶᠠᠮᠠᠷᠪᠠ ᠴᠠᠭ ᠦᠶ᠎ᠡ ᠪᠣᠯᠤᠭᠰᠠᠨ ᠴᠤ ᠬᠠᠮᠢᠶ᠎ᠠ ᠦᠭᠡᠶ᠂ ᠥᠷᠢᠰᠦᠯᠳᠦᠭᠡᠨ ᠤ ᠬᠠᠮᠤᠭ ᠰᠠᠭᠤᠷᠢ ᠨᠢ ᠦᠨᠳᠦᠰᠦᠳᠠᠨ ᠣᠭᠰᠠᠭᠠᠳᠠᠨ ᠤ ᠪᠦᠷᠢᠨ ᠪᠦᠳᠤᠨ ᠰᠤᠶᠤᠯᠵᠢᠯ ᠭᠢᠭᠡᠤᠨ ᠭᠦᠭ᠍ᠵᠢᠯᠳᠡ ᠶᠢᠨ ᠰᠠᠭᠤᠷᠢᠨ ᠳᠡᠭᠡᠷ᠎ᠡ ᠪᠠᠨ ᠶᠠᠪᠣᠭᠳᠠᠭᠤᠯᠬᠤ ᠭᠡᠷᠡᠭ᠍ᠳᠡᠢ᠃ ᠡᠭᠦᠷ ᠶᠢᠡᠨ ᠬᠠᠶᠠᠴᠢᠬᠠᠭᠠᠤᠨ᠂ ᠬᠣᠢ᠌ᠮᠤᠷ ᠶᠢᠡᠨ ᠡᠪᠳᠡᠴᠢᠭᠡᠭᠡᠤᠨ ᠳᠡᠭ᠍ᠳᠡᠭᠡᠨᠡᠨ ᠶᠠᠪᠣᠬᠤ ᠭᠡᠭ᠍ᠴᠢ ᠬᠤᠯᠠ ᠶᠢᠨ ᠬᠠᠷᠠᠯᠳᠠ ᠠᠯᠤᠰᠴᠢ ᠪᠣᠳᠤᠯ ᠪᠢᠰᠢ᠃ ᠪᠢᠳᠠ ᠳᠠᠪᠰᠢᠩᠭ᠋ᠤᠢ ᠰᠤᠶᠤᠯ ᠢ ᠰᠤᠷᠬᠤ ᠭᠡᠷᠡᠭ᠍ᠳᠡᠢ᠂ ᠭᠡᠪᠠᠴᠤ ᠪᠢᠳᠠ ᠦᠨᠳᠦᠰᠦᠳᠠᠨ ᠤ ᠪᠠᠨ ᠰᠤᠶᠤᠯ ᠶᠢᠡᠨ ᠡᠵᠡᠮᠰᠢᠭ᠍ᠰᠡᠨ ᠤ ᠰᠠᠭᠤᠷᠢᠨ ᠳᠡᠭᠡᠷ᠎ᠡ ᠡᠨᠡᠭᠦ ᠠᠵᠢᠯᠯᠠᠭ᠎ᠠ ᠪᠠᠨ ᠶᠠᠪᠣᠭᠳᠠᠭᠤᠯᠪᠠᠯ ᠳᠠᠭᠠᠷᠠᠨ᠎ᠠ᠃ ᠪᠢᠳᠠ ᠪᠠᠰᠠ ᠵᠥᠪᠭᠡᠨ ᠦᠷ᠎ᠡ ᠭᠡᠦᠭᠡᠤᠨ ᠶᠢᠡᠨ ᠭᠦᠯᠦᠰᠤᠨ ᠠᠵᠢᠯ ᠭᠢᠯᠭᠡᠭᠡᠤᠨ ᠯᠠ ᠨᠢᠳᠤᠨ ᠡᠮᠦᠨᠡᠭᠢ ᠠᠰᠢᠭ ᠢ ᠯᠠ ᠬᠠᠷᠠᠭᠠᠤᠨ ᠪᠣᠯᠬᠤ ᠦᠭᠡᠶ᠂ ᠬᠠᠷᠢᠨ ᠶᠠᠭᠠᠭᠢᠵᠤ ᠪᠠᠢ᠌ᠮᠠᠨ ᠰᠠ‍‌ᠶᠢ ᠦᠪᠡᠷ ᠤᠨ ᠭᠢᠨ ᠶᠢᠡᠨ ᠣᠠᠴᠠᠯᠢᠭ ᠣᠳᠤᠮᠰᠢᠯ ᠲᠡᠶ ᠰᠢᠨ᠎ᠡ ᠡᠷᠡᠨ ᠤ ᠮᠤᠩᠭ᠋ᠤᠯ ᠭᠦᠮᠤᠨ ᠪᠣᠯᠬᠤ ᠶᠢ ᠭᠦᠭᠡᠭᠡᠴᠡᠯᠳᠦᠭᠦ ᠭᠡᠷᠡᠭ᠍ᠳᠡᠢ᠃

ᠡᠷᠢᠶᠡᠨ ᠬᠤᠷᠸ᠎ᠠ ᠵᠢᠨ ᠠᠯᠠᠭ ᠪᠣᠯᠠᠭ ᠲᠤ ᠵᠤᠪᠠᠨ ᠵᠦᠳᠠᠷᠠᠵᠤ ᠶᠠᠪᠣᠬᠤ ᠦᠶ᠎ᠡ ᠳᠤ ᠪᠣᠳᠤᠬᠤ ᠳᠤ ᠦᠨᠳᠦᠰᠦᠳᠠᠨ ᠣᠭᠰᠠᠭᠠᠳᠠᠨ ᠭᠡᠵᠤ ᠳᠡᠮᠡᠴᠡᠭᠡᠤᠨ ᠶᠠᠮᠠᠷ ᠴᠤ ᠭᠡᠷᠡᠭ᠍ᠴᠡᠭᠡ ᠦᠭᠡᠶ ᠰᠢᠭ᠌᠂ ᠭᠡᠳᠡᠯ᠎ᠡ ᠠᠯᠤᠰ ᠳᠡᠦᠭᠡ ᠡᠴᠠ ᠣᠳᠤᠭᠢ ᠪᠠᠢ᠌ᠳᠠᠯ ᠢ ᠵᠦᠪ ᠳᠤᠩᠭ᠋ᠠᠨ ᠪᠣᠳᠤᠪᠠᠯ᠂ ᠮᠤᠩᠭ᠋ᠤᠯ ᠭᠦᠮᠤᠨ ᠪᠣᠯᠤᠭᠰᠠᠨ ᠤ ᠬᠤᠪᠢ ᠳᠤ᠂ ᠳᠠᠷᠠᠬᠠᠨ ᠡᠭᠦᠷᠭᠡ ᠭᠢᠭᠡᠤᠨ ᠠᠮᠢᠳᠤᠷᠠᠯ ᠤᠨ ᠦᠨ᠎ᠡ ᠥᠷᠳᠡᠭ᠌ ᠶᠢᠡᠨ ᠶᠠᠭᠤᠨ ᠳᠤ ᠳᠤᠭᠳᠠᠭᠠᠪᠠᠯ ᠵᠦᠢ᠌ ᠲᠡᠶ ᠭᠡᠳᠡᠭ᠌ ᠨᠢ ᠳᠤᠪ ᠳᠤᠳᠤᠷᠬᠠᠢ ᠪᠣᠯᠵᠤ ᠢᠷᠠᠨ᠎ᠡ᠃

ᠮᠤᠩᠭ᠋ᠤᠯ ᠤᠨ ᠶᠢᠡᠨ ᠳᠦᠯᠦᠭᠡ ᠮᠤᠩᠭ᠋ᠤᠯ ᠰᠤᠶᠤᠯ ᠲᠡᠶ ᠪᠣᠯᠵᠤ ᠶᠠᠪᠣᠭᠠᠷᠠᠢ ︕ ᠮᠤᠩᠭ᠋ᠤᠯ ᠤᠨ ᠶᠢᠡᠨ ᠳᠦᠯᠦᠭᠡ ᠪᠣᠰᠤᠳ ᠰᠢᠯᠢᠳᠡᠭ᠌ ᠦᠨᠳᠦᠰᠦᠳᠠᠨ ᠤ ᠰᠢᠯᠢᠳᠡᠭ᠌ ᠰᠤᠶᠤᠯ ᠢ ᠠᠭᠤᠰᠬᠠᠵᠤ ᠶᠠᠪᠣᠭᠠᠷᠠᠢ ︕ ᠮᠤᠩᠭ᠋ᠤᠯ ᠤᠨ ᠶᠢᠡᠨ ᠳᠦᠯᠦᠭᠡ ᠦᠨᠢᠳᠠ ᠮᠤᠩᠭ᠋ᠤᠯ ᠶᠢᠡᠷ ᠶᠢᠡᠷ ᠪᠠᠢ᠌ᠭᠠᠰᠠᠢ ︕


2012.4.11


ᠵᠤᠬᠢᠶᠠᠭᠴᠢ ᠶᠢᠨ ᠬᠠᠶ‍ᠢᠭ ᠄ ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠨ ᠤ ᠢᠠᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ


ᠵᠤᠬᠢᠶᠠᠭᠴᠢ᠄ ᠯᠢ ᠲᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 53962
ᠴᠠᠭ᠄ 2012 ᠤᠨ ᠤ 10 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ