ᠡᠵᠢ ᠳᠡᠭᠡᠨ ᠵᠤᠯᠭᠠᠬᠤ ᠳ᠋ᠤ

ᠡᠷᠭᠢᠵᠤ ᠢᠷᠡᠭᠦ ᠦᠭᠡᠶ ᠭᠡᠵᠤ

ᠡᠮᠵᠡᠭᠯᠡᠵᠤ ᠭᠠᠩᠭ᠋ᠠᠨᠠᠭᠰᠠᠨ ᠭᠠᠯᠠᠭᠤᠳ ᠪᠣᠴᠠᠪᠠ᠂

ᠡᠭᠡ ᠣᠷᠤᠨ ᠤ ᠮᠢᠨᠢ ᠳᠡᠭ᠍ᠷᠢ

ᠡᠭᠦᠯᠡ ᠪᠠᠨ ᠵᠠᠳᠠᠭᠠᠢ᠌ᠯᠠᠵᠤ ᠡᠵᠡᠭᠦᠢᠷᠡᠭᠦ ᠳ᠋ᠤ

ᠴᠢᠯᠠᠭᠤᠳ ᠨᠢ ᠠᠩᠭ᠋ᠠᠨ ᠴᠠᠩᠭ᠋ᠠᠨ ᠮᠥᠯᠭᠦᠨ᠎ᠡ

ᠠᠭᠤᠯᠠ ᠳᠤᠯᠤᠭᠠᠤᠨ ᠨᠢ ᠦᠨᠦᠴᠢᠷᠠᠨ᠎ᠡ

ᠣᠰᠤᠨ ᠤ ᠳᠤᠯᠢ ᠊ᠭ᠍‍ᠬᠢᠷᠳᠤᠨ᠎ᠡ

ᠤᠶᠠᠩ‍ᠭ᠎ᠠ ᠳᠠᠭᠤᠤ ᠮᠠᠷᠳᠠᠭᠳᠠᠨ᠎ᠠ

ᠡᠷᠭᠢᠵᠤ ᠢᠷᠡᠭᠦ ᠦᠭᠡᠶ ᠭᠡᠵᠤ

ᠡᠩᠰᠡᠷᠡᠳᠡᠯ᠎ᠡ ᠣᠭᠢᠯᠠᠬᠤ ᠰᠢᠭᠦᠳᠡᠷᠢ ᠶᠢᠨ ᠴᠢᠮᠡᠭᠡ ᠬᠤᠯᠠᠳᠠᠨ᠎ᠠ

ᠡᠷᠢᠭ᠍ᠳᠡᠵᠤ ᠰᠠᠨᠠᠭᠰᠠᠨ ᠰᠡᠳᠭᠢᠯ ᠶᠢᠡᠨ ᠴᠢᠩᠨᠠᠬᠤ ᠳ᠋ᠤ

ᠡᠩᠭᠦᠷᠡᠢ ᠪᠣᠭᠤᠷᠤᠯ ᠡᠵᠢ ᠮᠢᠨᠢ ᠠᠯᠠᠭ᠎ᠠ ᠪᠠᠢ᠌ᠭᠰᠠᠨ ᠪᠠᠢ᠌ᠨ᠎ᠠ︕


ᠡᠪᠠᠤ᠂ ᠪᠦᠦᠪᠠᠢ ᠶᠢᠨ ᠳᠠᠭᠤᠤ ᠪᠠᠢ᠌ᠨ᠎ᠠ

ᠡᠯᠢᠭᠡᠨ ᠬᠠᠢ᠌ᠷᠠᠳᠤ ᠭᠦᠤ ᠨᠢ ᠢᠷᠡᠭ᠍ᠰᠡᠨ ᠪᠠᠢ᠌ᠨ᠎ᠠ

ᠡᠷᠭᠢ ᠲᠦᠰᠢᠵᠤ ᠣᠰᠤᠨ ᠴᠡᠴᠡᠭᠯᠡᠵᠤ ᠪᠠᠢ᠌ᠨ᠎ᠠ

ᠠᠯᠤᠰ ᠤᠨ ᠴᠡᠩᠭᠡᠷ ᠭᠠᠯᠠᠭᠤᠳ ᠢᠷᠡᠭ᠍ᠰᠡᠨ ᠪᠠᠢ᠌ᠨ᠎ᠠ

ᠴᠢᠯᠠᠭᠤᠳ ᠨᠢ ᠡᠪᠠᠰᠤᠨ ᠤ ᠦᠨᠦᠷ ᠲᠡᠶ ᠡᠮᠳᠡᠷᠡᠵᠤ

ᠴᠡᠯᠡᠭᠡᠷ ᠳᠠᠯ᠎ᠠ ᠶᠢᠨ ᠵᠡᠷᠭᠡᠯᠭᠡ ᠳᠤᠭᠯᠠᠨ ᠠᠯᠢᠶᠠᠯᠠᠬᠤ ᠳ᠋ᠤ

ᠳᠤᠪᠣ ᠳᠤᠯᠤᠭᠠᠤᠨ ᠨᠢ ᠰᠡᠷᠭᠦᠨ

ᠠᠭᠤᠯᠠ ᠶᠢᠨ ᠣᠷᠭᠢᠯ ᠳᠤ ᠡᠭᠦᠯᠡᠨ ᠴᠠᠭᠠᠨ ᠪᠣᠷᠤᠭ᠎ᠠ

ᠡᠵᠢ ᠶᠢᠨ ᠪᠠᠷ᠎ᠠ ᠪᠠᠷ ᠬᠠᠢ᠌ᠯᠠᠨ ᠮᠡᠯᠳᠡᠭᠡᠨᠡᠵᠤ ᠪᠠᠢ᠌ᠨ᠎ᠠ

ᠣᠨᠠᠨ ᠳᠤᠰᠤᠨ ᠣᠭᠳᠤᠨ ᠣᠴᠢᠵᠤ ᠵᠤᠯᠭᠠᠬᠤ ᠳ᠋ᠤ

ᠡᠩᠭᠦᠷᠡᠢ ᠪᠣᠭᠤᠷᠤᠯ ᠡᠵᠢ ᠶᠢᠨ ᠮᠢᠨᠢ ᠡᠩᠭᠡᠷ ᠨᠢ ᠳᠡᠪᠳᠦᠭ᠍ᠰᠡᠨ ᠪᠠᠢ᠌ᠨ᠎ᠠ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠬᠠᠷᠢᠶ᠎ᠠ᠄ ᠰᠢᠯᠦᠭ
ᠳᠠᠷᠤᠮ᠄ 2403
ᠴᠠᠭ᠄ 2011 ᠤᠨ ᠤ 03 ᠰᠠᠷ᠎ᠠ ᠶᠢᠨ 06