ᠳᠤᠳᠠᠭᠤ ᠭᠡᠭᠡᠯᠢᠳᠦᠭ᠍ᠰᠡᠨ ᠬᠠᠬᠤᠯᠢ

ᠪᠦᠭ᠍ᠳᠦᠷ ᠨᠢᠩᠪᠣ ᠶᠢᠨ ᠥᠭᠡᠵᠢᠩ ᠤᠨ ᠳᠡᠭᠡᠷ᠎ᠡ ᠭᠡᠰᠡᠭ᠌ ᠤᠨ ᠬᠤᠩᠭᠣᠢ᠌ᠭᠰᠠᠨ ᠭᠠᠵᠠᠷ ᠲᠤ ᠨᠢᠭᠡ ᠣᠷᠳᠤᠬᠠᠨ ᠰᠢᠷ᠎ᠠ ᠦᠰᠦ ᠪᠠᠢ᠌ᠳᠠᠭ ᠶᠢᠡᠨ ᠶᠠᠭᠠᠭᠢᠵᠤ ᠪᠠᠢ᠌ᠭᠠᠤᠨ ᠢ ᠪᠣᠤ ᠮᠠᠳᠠ᠂ ᠳᠠᠷᠠ ᠵᠢᠯ ᠮᠡᠳᠡᠭ᠍ᠰᠡᠨ ᠭᠡᠨ᠎ᠡ᠃ ᠳᠡᠭᠡᠭᠡᠳ ᠮᠠᠨ ᠤ ᠭᠦᠮᠤᠨ ᠮᠡᠳᠡᠭ᠍ᠰᠡᠨ ᠳᠤᠤᠷ᠎ᠠ ᠨᠢ ᠡᠪ ᠥᠭᠡᠢ᠌ᠭᠡᠨ ᠬᠠᠷᠠᠭᠳᠠᠭᠰᠠᠨ ᠳᠤ ᠨᠢ ᠪᠢᠰᠢ᠂ ᠬᠠᠷᠢᠨ ᠶᠠᠭᠤᠮᠠᠨ ᠳᠤ ᠳᠤᠷᠠᠳᠠᠢ ᠳᠤ ᠪᠠᠨ ᠥᠭ᠍ᠳᠡᠭᠡᠵᠤ ᠠᠪᠣᠭᠰᠠᠨ ᠨᠢ ᠣᠳᠤ ᠪᠣᠯᠠᠢ ᠪᠣᠯᠵᠠᠢ᠃

ᠥᠭ᠍ᠳᠡᠭᠡᠵᠤ ᠠᠪᠣᠭᠰᠠᠨ ᠣᠷᠤᠨ ᠤ ᠭᠢᠨᠢ ᠵᠢᠵᠢᠭ᠍‍ᠬᠡᠨ ᠰᠠᠪ ᠶᠢᠡᠷ ᠦᠮᠦᠳᠦ ᠮᠢᠬᠠᠨ ᠤ ᠭᠢᠨ ᠊ᠭ᠍᠊‍ᠭᠢᠷ ᠳᠤᠭᠤᠰᠤ ᠣᠷᠤᠵᠤ᠂ ᠭᠠᠳᠠᠭᠠᠯᠠᠬᠤ ᠪᠠᠷ ᠰᠠᠭᠤᠬᠤ ᠳᠤ ᠨᠢ ᠵᠢᠪᠠᠷ ᠠᠪᠣᠭᠰᠠᠭᠠᠷ ᠣᠤᠯ ᠤᠨ ᠰᠠᠪ ᠨᠢ ᠡᠷᠭᠡᠵᠤ ᠬᠠᠪᠣᠳᠤᠨ ᠡᠪᠡᠳᠴᠢᠨ ᠪᠣᠯᠤᠭᠰᠠᠨ ᠢ ᠨᠢ ᠪᠦᠭ᠍ᠳᠦᠷ ᠨᠢᠩᠪᠣ ᠭᠤᠸᠠᠢ ᠠᠩᠬᠠᠨ ᠳᠤ ᠪᠠᠨ ᠶᠠᠭᠤᠮ᠎ᠠ ᠪᠣᠯᠭᠠᠭᠰᠠᠨ ᠦᠭᠡᠶ ᠠᠵᠢ᠃ ᠬᠠᠷᠢᠨ ᠡᠳᠦᠷ ᠥᠩᠭᠡᠷᠡᠭᠦ ᠳᠤᠳᠤᠮ ᠣᠷᠤ ᠨᠢ ᠬᠠᠪᠣᠳᠤᠨ ᠳᠤᠮᠤᠷᠠᠵᠤ᠂ ᠣᠳᠤ ᠢᠯᠵᠠᠷᠠᠭᠠᠤᠨ ᠡᠪᠠᠦᠡᠭᠦ ᠨᠢ ᠭᠡᠴᠡᠭᠦᠳᠡᠵᠤ ᠰᠠᠭᠤᠬᠤ ᠳ᠋ᠤᠨᠢ ᠴᠤ ᠭᠦᠴᠢᠷ ᠪᠣᠯᠤᠭᠰᠠᠨ ᠡᠴᠡ ᠭᠦᠭ᠍ᠰᠢᠨ ᠳᠤ ᠪᠠᠨ ᠭᠡᠯᠡᠭᠦ ᠪᠠᠷ ᠪᠠᠯᠠᠭ ᠠᠯᠳᠠᠳᠠᠯ᠎ᠠ ᠪᠠᠨ ᠰᠠᠠᠳᠤᠷᠠᠭᠰᠠᠨ ᠭᠦᠭ᠍ᠰᠢᠨ ᠨᠢ ᠬᠤᠰᠢᠭᠤᠨ ᠲᠦᠪ ᠡᠴᠡ ᠭᠦᠤ ᠪᠠᠨ ᠳᠠᠭᠤᠳᠠᠵᠠᠢ᠃ ᠳᠡᠭᠡᠭᠡᠳ ᠭᠦᠤ ᠨᠢ ᠡᠴᠢᠭᠡ ᠪᠠᠨ ᠳᠤᠰᠴᠤ ᠬᠤᠰᠢᠭᠤᠨ ᠲᠦᠪ ᠤᠨ ᠡᠮᠨᠡᠯᠭᠡ ᠳᠤ ᠪᠠᠢ᠌ᠴᠠᠭᠠᠯᠭᠠᠬᠤ ᠪᠠᠷ ᠪᠣᠯᠪᠠ᠃

᠊᠊᠊᠊᠊᠊᠊᠊᠊᠊᠊᠊᠊᠊᠊ ᠦᠭᠡᠶ ᠶᠠᠷᠤ ᠨᠢ᠂ ᠵᠢᠭᠠᠬᠠᠨ ᠬᠠᠪᠣᠳᠤᠷ ᠶᠠᠭᠠᠭᠢᠴᠢᠬᠠᠨ᠎ᠠ ᠭᠡᠵᠤ᠃ ᠬᠤᠶᠠᠷ ᠬᠠᠢ᠌ᠷᠴᠠᠭ ᠭᠤᠶᠤᠤ ᠠᠪᠣᠭᠠᠤᠨ ᠨᠠᠭᠠᠪᠠᠯ ᠪᠣᠯᠴᠢᠬᠠᠬᠤ ᠭᠡᠷᠡᠭ᠌᠃ ᠶᠠᠭᠤᠨᠠᠢ ᠳᠠᠷᠠ ᠪᠣᠯᠠᠢ ᠲᠡᠶ ᠵᠤᠭᠤᠰ ᠣᠷᠤᠬᠤ ᠭᠠᠵᠠᠷ ᠣᠴᠢᠨ᠎ᠠ ᠳ᠋ᠠ ᠭᠡᠵᠤ ᠪᠦᠭ᠍ᠳᠦᠷ ᠨᠢᠩᠪᠣ ᠭᠤᠸᠠᠢ ᠳᠡᠭᠦᠨ ᠢ ᠠᠪᠴᠤ ᠶᠠᠪᠣᠭᠰᠠᠨ ᠮᠠᠰᠢᠨ ᠳᠤ ᠴᠤ ᠰᠠᠭᠤᠵᠤ ᠳᠡᠢ᠌ᠯᠭᠦ ᠦᠭᠡᠶ ᠬᠠᠵᠠᠭᠤᠯᠠᠭᠰᠠᠨ ᠶᠠᠩᠵᠤ ᠪᠠᠷ ᠶᠢᠡᠨ ᠶᠠᠩᠰᠢᠪᠠ᠃

᠊᠊᠊᠊᠊᠊᠊᠊᠊᠊᠊᠊᠊᠊᠊ ᠦᠭᠡᠶ᠂ ᠠᠪᠣ ᠴᠤ ᠭᠡᠵᠤ ᠳ᠋ᠠ᠃ ᠣᠳᠤ ᠰᠠᠭᠤᠵᠤ ᠴᠤ ᠳᠡᠢ᠌ᠯᠭᠦ ᠦᠭᠡᠶ ᠭᠦᠯᠦᠰᠤ ᠳᠠᠭᠠᠪᠣᠷᠢᠯᠠᠵᠤ ᠪᠠᠢ᠌ᠭ᠎ᠠ ᠪᠠᠨ ᠦᠵᠡ᠃ ᠡᠷᠳᠡ ᠶᠠᠭᠠᠭᠢᠭᠠᠤᠨ ᠮᠠᠨ ᠳᠤ ᠭᠡᠯᠡᠭᠦ ᠦᠭᠡᠶ ᠶᠤᠮ ︖ ᠡᠢ᠌ᠮᠤ ᠪᠣᠯᠴᠢᠬᠠᠭᠠᠤᠨ ᠪᠠᠰᠠ ᠵᠦᠷᠢᠭᠦᠳᠯᠡᠨ᠎ᠡ ᠭᠡᠵᠤ ᠭᠦᠤ ᠨᠢ ᠬᠠᠵᠠᠭᠤ ᠡᠴᠡ ᠭᠡᠯᠡᠭᠦ ᠶᠢᠨ ᠦᠶ᠎ᠡ ᠳᠤ ᠳᠠᠭᠠᠵᠤ ᠶᠠᠪᠣᠭᠰᠠᠨ ᠭᠦᠭ᠍ᠰᠢᠨ ᠨᠢ᠄

᠊᠊᠊᠊᠊᠊᠊᠊᠊᠊᠊᠊᠊᠊᠊ ᠭᠡᠷᠡᠭ᠌ ᠤᠨ ᠵᠥᠨᠦᠭ᠌ ᠲᠡᠶ ᠪᠢᠳᠡᠭᠡᠢ ᠳᠤᠤᠭᠠᠷᠠ᠃ ᠪᠦᠭ᠍ᠰᠡ ᠨᠢ ᠬᠠᠪᠣᠳᠤᠳᠠᠯ᠎ᠠ ᠪᠠᠨ ᠮᠡᠳᠡᠭᠦ ᠦᠭᠡᠶ ᠥᠭᠦᠭ᠍ᠰᠡᠨ ᠮᠢᠬ᠎ᠠ᠃ ᠣᠤᠯ ᠡᠴᠡ ᠪᠠᠨ ᠮᠡᠳᠡᠭ᠍ᠰᠡᠨ ᠪᠣᠯ ᠬᠡᠦᠬᠡᠳ ᠲᠤ ᠪᠠᠨ ᠢᠴᠢᠵᠤ ᠭᠡᠯᠡᠭᠦ ᠦᠭᠡᠶ ᠳᠤ ᠶᠠᠳᠠᠵᠤ ᠨᠠᠳᠠ ᠭᠡᠯᠡᠵᠤ ᠪᠣᠯᠬᠤ ᠦᠭᠡᠶ ᠨᠢ ᠶᠠᠭᠤ ᠪᠣᠢ᠃ ᠵᠥᠨᠦᠭ᠌ ᠵᠦᠷᠢᠭᠦᠤ ᠳᠤᠯᠤᠭᠠᠢ ᠭᠡᠵᠤ ᠬᠠᠷᠢᠶᠠᠯ ᠳᠠᠯᠪᠢᠨ ᠶᠠᠪᠣᠳᠠᠯ᠎ᠠ ᠮᠠᠰᠢᠨ ᠳᠡᠷᠭᠡ ᠬᠤᠰᠢᠭᠤᠨ ᠲᠦᠪ ᠲᠤ ᠣᠷᠤᠵᠠᠢ᠃

ᠡᠮᠡᠭᠡᠨ ᠭᠦᠤ ᠬᠤᠶᠠᠷ ᠨᠢᠩᠪᠣ ᠭᠤᠸᠠᠢ ᠶᠢ ᠲᠦᠰᠢᠵᠤ ᠳᠤᠯᠤᠭᠰᠠᠭᠠᠷ ᠬᠤᠰᠢᠭᠤᠨ ᠤ ᠡᠮᠨᠡᠯᠭᠡ ᠶᠢᠨ ᠬᠤᠷᠢᠶᠠᠨ ᠳᠤ ᠢᠷᠠᠵᠤ᠂ ᠭᠠᠳᠠᠷ ᠰᠠᠯᠠᠭᠠᠨ ᠤ ᠨᠢᠭᠡ ᠡᠷᠭᠢᠯᠡᠭ᠍ᠴᠢ ᠶᠢᠨ ᠳᠠᠰᠤᠭ ᠲᠤ ᠣᠷᠤᠪᠠ᠃

᠊᠊᠊᠊᠊᠊᠊᠊᠊᠊᠊᠊᠊᠊᠊ ᠠᠪᠣ ᠶᠢᠨ ᠴᠢᠨᠢ ᠡᠪᠡᠳᠴᠢᠨ ᠤ ᠪᠠᠢ᠌ᠳᠠᠯ ᠳᠤᠩ ᠭᠦᠡᠳᠤ᠂ ᠬᠤᠤᠷᠠᠳᠤ ᠬᠠᠪᠣᠳᠤᠷ ᠨᠢ ᠳᠤᠳᠤᠭᠰᠢ ᠪᠠᠨ ᠦᠷᠭᠡᠳᠴᠦ ᠭᠡᠳᠡᠰᠤᠨ ᠳᠤ ᠨᠢ ᠭᠦᠷᠴᠡᠢ᠃ ᠣᠳᠤ ᠠᠷᠪᠠ ᠳᠠᠪᠣᠬᠠᠨ ᠬᠤᠨᠤᠭ ᠣᠷᠣᠢ᠌ᠳᠠᠵᠤ ᠢᠷᠡᠭ᠍ᠰᠡᠨ ᠪᠣᠯ ᠠᠮᠢ ᠨᠠᠰᠤᠨ ᠳᠤ ᠨᠢ ᠠᠶᠤᠯ ᠲᠡᠶ ᠭᠡᠵᠤ ᠰᠠᠨᠠᠭᠤᠯᠤᠨ᠂ ᠣᠳᠤᠬᠠᠨ ᠳᠤ ᠪᠠᠨ ᠮᠠᠰᠠ ᠵᠠᠰᠠᠯ ᠭᠢᠭᠦ ᠭᠡᠷᠡᠭ᠍ᠳᠡᠢ ᠭᠡᠵᠤ ᠡᠷᠭᠢᠯᠡᠭ᠍ᠴᠢ ᠡᠮᠴᠢ ᠭᠡᠯᠡᠵᠡᠢ᠃

᠊᠊᠊᠊᠊᠊᠊᠊᠊᠊᠊᠊᠊᠊᠊ ᠡᠮᠴᠢ ᠭᠤᠸᠠᠢ᠂ ᠳᠠᠢ᠌ᠮᠤ ᠪᠣᠯ ᠣᠳᠤ ᠪᠠᠷ ᠶᠢᠡᠨ ᠠᠪᠣ ᠳᠤ ᠮᠠᠰᠠ ᠵᠠᠰᠠᠯ ᠭᠢᠯᠭᠡᠶ᠎ᠡ᠃

᠊᠊᠊᠊᠊᠊᠊᠊᠊᠊᠊᠊᠊᠊᠊ ᠵᠠ᠂ ᠳᠡᠭᠡᠶ᠎ᠡ᠃ ᠴᠢ ᠰᠥᠢᠳᠭᠡᠯ ᠶᠠᠭᠤᠮ᠎ᠠ ᠶᠢ ᠨᠢ ᠳᠠᠷᠣᠢ᠌ᠬᠠᠨ ᠪᠡᠯᠡᠳᠭᠡ᠃ ᠪᠢ ᠦᠪᠡᠷ ᠶᠢᠡᠨ ᠮᠠᠰᠠ ᠵᠠᠰᠠᠯ ᠭᠢᠨ᠎ᠡ᠃ ᠡ᠊ᠨᠳᠡᠭᠢ ᠳᠦᠷᠢᠮ ᠢ ᠪᠦᠷ ᠮᠡᠳᠡᠭᠦ ᠪᠠᠢ᠌ᠯᠭᠦᠢ ᠭᠡᠵᠤ ᠨᠥᠭᠦᠭᠡ ᠡᠮᠴᠢ ᠭᠦᠤ ᠳᠤ ᠬᠠᠠᠳᠤᠵᠤ ᠬᠤᠳᠠ ᠶᠢᠨ ᠭᠦᠮᠤᠨ ᠭᠡᠵᠤ ᠭᠠᠳᠠᠷᠯᠠᠭᠰᠠᠨ ᠳᠤ ᠦᠦ᠂ ᠪᠣᠤ ᠮᠠᠳᠠ᠂ ᠪᠢᠳᠡᠭᠦᠭᠡᠨ ᠭᠡᠳᠤᠨ ᠥᠭᠡ ᠶᠢ ᠰᠡᠮᠭᠡᠨ ᠥᠭᠦᠯᠡᠵᠡᠢ᠃

᠊᠊᠊᠊᠊᠊᠊᠊᠊᠊᠊᠊᠊᠊᠊ ᠳᠠᠢ᠌ᠮᠤ᠂ ᠮᠠᠳᠠᠨ᠎ᠡ᠂ ᠮᠠᠳᠠᠨ᠎ᠡ᠃ ᠠᠪᠣ ᠠᠮᠤᠷ ᠲᠦᠪᠰᠢᠨ ᠶᠢᠡᠷ ᠮᠠᠰᠠ ᠵᠠᠰᠠᠯ ᠤᠨ ᠳᠠᠰᠤᠭ ᠡᠴᠡ ᠭᠠᠷᠤᠭᠠᠤᠨ ᠢᠷᠠᠪᠠᠯ ᠪᠣᠯᠴᠢᠬᠠᠨ᠎ᠠ᠂ ᠡᠮᠴᠢ ᠭᠤᠸᠠᠢ ᠳᠠᠨ ᠳᠤ ᠨᠠᠢ᠌ᠳᠠᠯ᠎ᠠ ᠭᠡᠭ᠍ᠰᠡᠭᠡᠷ ᠭᠦᠤ ᠨᠢ ᠦᠨᠦᠭᠢ ᠡᠮᠴᠢ ᠶᠢᠨ ᠭᠠᠷ ᠢ ᠪᠠᠷᠢᠬᠤ ᠳᠤ ᠪᠠᠨ ᠠᠯᠠᠭᠠᠨ ᠳᠤ ᠨᠢ ᠣᠯᠠᠭᠠᠨ ᠪᠠᠭᠯᠠᠭ᠎ᠠ ᠲᠡᠶ ᠶᠠᠭᠤᠮ᠎ᠠ ᠠᠳᠬᠠᠭᠤᠯᠵᠤ ᠠᠮᠵᠢᠵᠠᠢ᠃

ᠦᠳᠡ ᠶᠢᠨ ᠦᠶ᠎ᠡ ᠪᠠᠷ ᠮᠠᠰᠠ ᠵᠠᠰᠠᠯ ᠤᠨ ᠳᠠᠰᠤᠭ ᠲᠤ ᠪᠦᠭ᠍ᠳᠦᠷ ᠨᠢᠩᠪᠣ ᠭᠤᠸᠠᠢ ᠶᠢ ᠲᠦᠯᠭᠢᠭᠡᠳ ᠣᠷᠤᠵᠠᠢ᠃ ᠵᠢᠷᠠ ᠭᠠᠷᠳᠠᠯ᠎ᠠ ᠪᠠᠨ ᠮᠠᠰᠠ ᠵᠠᠰᠠᠯ ᠤᠨ ᠣᠷᠤ ᠪᠠᠢ᠌ᠳᠤᠭᠠᠢ᠂ ᠬᠠᠩᠵᠤᠨ ᠳᠡᠭᠡᠷ᠎ᠡ ᠪᠠᠨ ᠴᠤ ᠭᠡᠳᠤᠨ ᠡᠳᠦᠷ ᠭᠡᠪᠳᠡᠭᠦ ᠭᠢᠮᠤᠷᠠᠭ᠎ᠠ ᠳᠠᠭᠰᠢᠭᠤᠷ ᠭᠦᠷᠴᠤ ᠥᠩᠭᠡᠷᠡᠭ᠍ᠰᠡᠨ ᠦᠭᠡᠶ ᠳᠡᠭᠦᠨ ᠳᠤ ᠠᠶᠤᠬᠤ ᠰᠤᠨᠢᠷᠬᠠᠬᠤ ᠰᠡᠳᠭᠢᠯ ᠬᠤᠤᠰᠯᠠᠯᠳᠤᠨ ᠳᠠᠮᠤᠷ ᠭᠢᠳᠤᠭ᠎ᠠ ᠰᠡᠷᠡᠭᠡ ᠮᠢᠬᠠᠨ ᠳᠤ ᠨᠢ ᠣᠷᠤᠪᠠᠯ ᠶᠠᠭᠠᠭᠢᠳᠠᠭ ᠪᠣᠯ ᠡ᠂ ᠭᠡᠵᠤ ᠪᠣᠳᠤᠬᠤ ᠳᠤ ᠯᠠ ᠵᠢᠷᠦᠭᠡ ᠨᠢ ᠳᠦᠭ᠍ᠰᠢᠵᠤ ᠭᠤᠤᠯ ᠨᠢ ᠬᠠᠷᠠᠯᠠᠭᠠᠤᠨ ᠶᠠᠪᠣᠨ᠎ᠠ᠃ 《ᠮᠠᠰᠠ ᠵᠠᠰᠠᠯ ᠭᠢᠭᠦ ᠦᠶᠡᠰ ᠳᠠᠷᠠ ᠮᠢᠡᠴᠦᠷᠡᠭᠦᠯᠭᠦ ᠡᠳ᠋ ᠢ ᠪᠠᠶᠠᠨ ᠳᠤ ᠴᠢᠨᠢ ᠴᠤᠭᠢᠪᠠᠯ ᠮᠢᠬ᠎ᠠ ᠴᠢᠨᠢ ᠮᠡᠳᠡᠭᠡ ᠠᠯᠳᠠᠷᠠᠵᠤ᠂ ᠨᠢᠭᠡ ᠣᠠᠳᠠᠬᠤ ᠶᠢᠨ ᠬᠤᠭᠤᠷᠤᠠᠳᠤ ᠭᠢᠭᠡᠳ ᠪᠠᠷᠠᠴᠢᠬᠠᠬᠤ ᠶᠤᠮ ᠰᠢᠤ》 ᠭᠡᠳᠡᠭ᠌ ᠥᠭᠡ ᠶᠢ ᠠᠢ᠌ᠯ ᠤᠨ ᠡᠪᠦᠭᠡᠴᠦᠯ ᠤᠳ ᠬᠠᠮᠳᠤ ᠰᠠᠭᠤᠯᠴᠠᠨ ᠵᠤᠭᠤᠭᠳᠠᠬᠤ ᠵᠠᠭᠤᠷ᠎ᠠ ᠮᠠᠰᠠ ᠵᠠᠰᠠᠯ ᠭᠢᠭ᠍ᠰᠡᠨ ᠨᠢᠭᠡᠨ ᠤ ᠭᠢᠨᠢ ᠠᠮᠠᠨ ᠡᠴᠡ ᠰᠤᠨᠤᠰᠴᠤ ᠪᠠᠢ᠌ᠭᠰᠠᠨ ᠪᠢᠯᠠ᠃ 《ᠳᠠᠷᠠ ᠡᠳ᠋ ᠢ ᠨᠢ ᠨᠠᠳᠠ ᠭᠡᠷᠡᠭᠯᠡᠭᠦ ᠪᠣᠯᠪᠠᠤ》 ᠭᠡᠵᠤ ᠪᠣᠳᠤᠨ ᠭᠡᠪᠳᠡᠳᠡᠯ᠎ᠡ ᠳᠠᠰᠤᠭ ᠤᠨ ᠡᠭᠦᠳᠡ ᠬᠠᠭᠠᠭᠳᠠᠵᠤ ᠦᠪᠴᠢ ᠪᠠᠶ᠎ᠠ ᠴᠠᠭᠠᠨ ᠶᠢᠡᠷ ᠬᠤᠪᠴᠠᠰᠤᠯᠠᠭᠰᠠᠨ ᠭᠡᠳᠤᠨ ᠡᠮᠴᠢ ᠨᠢᠴᠦᠭᠦᠨ ᠮᠢᠬᠠᠨ ᠳᠡᠭᠡᠷ᠎ᠡ ᠨᠢ ᠴᠠᠭᠠᠨ ᠪᠦᠳᠦᠭᠡᠯᠭᠡ ᠬᠤᠴᠢᠯᠭᠠᠰᠤᠳᠠᠢ ᠡᠪᠦᠭᠡᠨ ᠤ ᠣᠷᠤ ᠶᠢ ᠳᠤᠭᠤᠷᠢᠨ ᠵᠤᠭᠰᠤᠵᠠᠢ᠃ ᠨᠠᠭᠠᠨ᠎ᠠ ᠵᠤᠭᠰᠤᠭᠰᠠᠨ ᠮᠠᠷᠢᠶᠠᠯᠢᠭ ᠳᠠᠷᠭᠤᠨ ᠪᠠᠶ᠎ᠠ ᠲᠡᠶ ᠡᠮᠴᠢ ᠡᠴᠡ ᠨᠥᠭᠦᠭᠡ 《ᠮᠢᠡᠴᠦᠷᠡᠭᠦᠯᠭᠦ ᠡᠳ᠋》 ᠊ᠢ ᠨᠢ ᠡᠪᠦᠭᠡᠨ ᠤ ᠥᠭᠡᠵᠢᠩ ᠤᠨ ᠬᠠᠪᠣᠳᠤᠷ ᠤᠨ ᠭᠡᠰᠡᠭ᠌ ᠢ ᠳᠤᠭᠤᠷᠢᠭᠤᠯᠤᠨ ᠳᠠᠷᠢᠵᠤ ᠭᠠᠷᠤᠭᠰᠠᠨ ᠢ ᠬᠠᠪᠣᠳᠠᠷ ᠨᠢ ᠬᠤᠤᠷᠯᠠᠵᠤ᠂ ᠵᠢᠷᠦᠭᠡ ᠨᠢ ᠴᠡᠴᠡᠷᠡᠭ᠍ᠰᠡᠨ ᠡᠪᠦᠭᠡᠨ ᠶᠠᠷᠤ ᠠᠩᠬᠠᠷᠠᠭᠰᠠᠨ ᠦᠭᠡᠶ ᠪᠠᠢ᠌ᠵᠤ᠂ ᠣᠳᠠᠯ ᠦᠭᠡᠶ ᠨᠢᠳᠤᠨ ᠵᠤᠪᠭᠢ ᠨᠢ ᠣᠨᠠᠵᠤ ᠨᠣᠢ᠌ᠷᠠᠰᠴᠤ ᠡᠭᠢᠯᠡᠪᠡ᠃

ᠡᠪᠦᠭᠡᠨ ᠠᠭᠠᠵᠢᠮ ᠶᠢᠡᠷ ᠰᠠᠷᠠᠪᠠ᠃ ᠳᠠᠷᠠ ᠦᠪᠡᠷ ᠭᠢ ᠪᠠᠨ ᠳᠤᠩ ᠣᠷᠳᠤ ᠨᠣᠢ᠌ᠷᠰᠤᠭᠰᠠᠨ ᠰᠢᠭ ᠰᠠᠨᠠᠵᠢ᠃ ᠨᠢᠳᠤ ᠪᠠᠨ ᠠᠯᠠᠭᠤᠷ ᠨᠡᠭᠡᠭᠡᠵᠤ ᠡᠷᠭᠢᠨ ᠳᠤᠭᠤᠷᠢᠨ ᠶᠢᠡᠨ ᠠᠵᠢᠭᠯᠠᠬᠤ ᠳᠤ ᠭᠢᠳᠤᠭ᠎ᠠ ᠰᠢᠪᠦᠭᠡ ᠪᠠᠷᠢᠭᠰᠠᠨ ᠴᠠᠭᠠᠨ ᠬᠤᠪᠴᠠᠰᠤ ᠲᠡᠶ ᠭᠦᠮᠦᠰ ᠳᠡᠭᠦᠨ ᠢ ᠳᠤᠭᠤᠷᠢᠨ ᠵᠤᠭᠰᠤᠵᠤ ᠶᠠᠭᠤ ᠨᠢᠭᠡ ᠶᠢ ᠭᠢᠭᠦ ᠰᠢᠭ᠌ ᠪᠣᠯᠤᠨ᠎ᠠ᠃ ᠶᠠᠷᠤ ᠨᠢ ᠵᠡᠭᠦᠳᠤ ᠭᠡᠭᠦ ᠪᠠᠷ ᠦᠨᠡᠨ ᠰᠢᠭ᠌᠂ ᠦᠨᠡᠨ ᠭᠡᠭᠦ ᠳᠤ ᠨᠢᠳᠤ ᠪᠠᠯᠠᠷᠠᠵᠤ᠂ ᠳᠤᠯᠤᠭᠠᠢ ᠲᠦᠩᠭᠢᠨᠠᠨ ᠬᠤᠳᠠᠯ ᠰᠢᠭ ᠯᠠ ᠰᠠᠨᠠᠭᠳᠠᠨ᠎ᠠ᠃ ᠭᠡᠨᠡᠳᠲᠡ ᠡᠪᠦᠭᠡᠨ ᠤᠨ ᠳᠤᠤᠷ᠎ᠠ ᠳᠠᠯ᠎ᠠ ᠰᠡᠭᠦᠵᠢᠨ ᠭᠡᠰᠡᠭ᠌ ᠲᠤ ᠶᠠᠮᠠᠷ ᠨᠢᠭᠡᠨ ᠬᠠᠳᠠᠭᠤ ᠶᠠᠭᠤᠮ᠎ᠠ ᠰᠢᠷᠭᠤᠵᠤ ᠣᠷᠤᠭᠠᠤᠨ ᠳᠤᠳᠤᠷ᠎ᠠ ᠨᠢ ᠪᠦᠯᠢᠵᠤ ᠪᠠᠢ᠌ᠭ᠎ᠠ ᠰᠢᠭ᠌ ᠪᠣᠯᠵᠤ᠂ ᠬᠤᠷᠤᠰᠤᠨ ᠡᠪᠠᠳᠦᠯ᠎ᠡ᠃ ᠡᠪᠦᠭᠡᠨ ᠡᠪᠠᠳᠦᠭ᠍ᠰᠡᠨ ᠭᠦᠴᠤᠨ ᠳᠤ ᠪᠠᠨ ᠭᠦᠯ ᠶᠢᠡᠨ ᠭᠦᠳᠡᠯᠭᠡᠭᠦ ᠳᠤ ᠭᠦᠯ ᠨᠢ ᠶᠠᠭ ᠭᠦᠮᠤᠨ ᠤ ᠭᠢ ᠰᠢᠭ᠌ ᠪᠣᠯᠵᠤ ᠭᠦᠰᠢᠭᠦᠨ ᠪᠦᠭᠡᠳ ᠭᠦᠡᠳᠤ ᠰᠠᠨᠠᠭᠳᠠᠨ ᠡᠪᠦᠭᠡᠨ ᠤ ᠰᠡᠭᠦᠵᠢᠨ ᠭᠡᠰᠡᠭ᠌ ᠣᠯᠠᠮ ᠬᠤᠷᠤᠰᠤᠨ ᠡᠪᠠᠦᠡᠴᠤ ᠡᠭᠢᠯᠡᠪᠡ᠃ ᠡᠪᠠᠦᠡᠭᠦ ᠳᠤᠳᠤᠮ ᠭᠢᠳᠤᠭ᠎ᠠ ᠰᠢᠭ᠂ ᠰᠡᠷᠡᠭᠡ ᠰᠢᠭ᠌ ᠶᠠᠭᠤᠮ᠎ᠠ ᠮᠢᠬᠠᠨ ᠳᠤ ᠨᠢ ᠣᠷᠤᠵᠤ ᠣᠭᠳᠤᠯᠵᠤ ᠳᠠᠰᠤᠯᠵᠤ ᠪᠠᠢ᠌ᠭ᠎ᠠ ᠨᠢ ᠭᠡᠴᠡᠭᠦᠳᠡᠨ᠎ᠡ᠃ ᠳᠡᠭᠦᠨ ᠤ ᠮᠠᠩᠨᠠᠢ ᠡᠴᠡ ᠭᠦᠯᠦᠰᠤ ᠳᠠᠭᠠᠪᠣᠷᠢᠯᠠᠪᠠ᠃ ᠳᠠᠷᠠ ᠴᠢᠳᠠᠬᠤ ᠶᠢᠨ ᠭᠢᠷᠢ ᠪᠠᠷ ᠳᠠᠭᠤ ᠭᠠᠷᠭᠠᠬᠤ ᠦᠭᠡᠶ ᠶᠢ ᠰᠠᠨᠠᠵᠤ ᠭᠦᠭᠡᠮᠡᠢ ᠪᠠᠨ ᠳᠠᠰᠤ ᠵᠠᠭᠤᠯ᠎ᠠ᠃ ᠨᠢᠳᠤᠷᠭ᠎ᠠ ᠪᠠᠨ ᠳᠠᠰᠤ ᠵᠠᠩᠭᠢᠳᠤᠵᠤ᠂ ᠰᠤᠳᠠᠰᠤ ᠨᠢ ᠭᠦᠷᠪᠠᠢ᠌ᠨ᠂ ᠪᠦᠭᠦ ᠪᠠᠶ᠎ᠠ ᠶᠢᠨ ᠭᠢᠨᠢ ᠪᠣᠯᠴᠢᠩ ᠰᠢᠷᠪᠣᠰᠤ ᠨᠢ ᠴᠢᠩᠭ᠋ᠠᠷᠠᠵᠤ ᠡᠪᠦᠭᠡᠨ ᠳᠡᠰᠪᠦᠷᠢᠯᠡᠭᠦ ᠶᠢᠨ ᠵᠤᠷᠢᠭ ᠶᠢᠡᠷ ᠳᠠᠰᠪᠣᠷᠢᠯᠠᠯ᠎ᠠ᠃ ᠭᠡᠪᠠᠴᠤ ᠳᠠᠰᠪᠣᠷᠢᠯᠠᠰᠢ ᠦᠭᠡᠶ ᠰᠢᠨᠠᠯᠤᠯ ᠪᠣᠯᠤᠨ ᠳᠠᠮᠤᠯᠠᠯ ᠳᠤ ᠡᠪᠦᠭᠡᠨ ᠡᠴᠦᠰ ᠲᠤ ᠪᠠᠨ ᠵᠠᠩᠭᠢᠳᠤᠭᠰᠠᠨ ᠨᠢᠳᠤᠷᠭ᠎ᠠ ᠶᠢᠨ ᠰᠤᠳᠠᠰᠤ ᠨᠢ ᠳᠠᠯᠪᠠᠷᠠᠵᠤ᠂ ᠵᠠᠭᠤᠭᠰᠠᠨ ᠠᠷᠠᠭ᠎ᠠ ᠨᠢ ᠪᠣᠯᠳᠠᠷᠠᠨ᠂ ᠨᠢᠳᠤᠨ ᠳᠤ ᠨᠢ ᠴᠢᠰᠤ ᠭᠦᠶ‍ᠦᠵᠤ 《ᠡᠨ︕》 ᠭᠢᠨ ᠪᠠᠷᠭᠢᠷᠠᠭᠰᠠᠭᠠᠷ ᠣᠷᠤ ᠳᠡᠭᠡᠷ᠎ᠡ ᠪᠠᠨ ᠠᠮᠠᠨ ᠡᠴᠡ ᠪᠠᠨ ᠭᠦᠭᠡᠰᠤ ᠰᠠᠭᠠᠭᠤᠯᠤᠨ ᠵᠠᠯᠠᠷᠠᠵᠠᠢ᠃ ᠡᠪᠦᠭᠡᠨ ᠢ ᠮᠠᠰᠠ ᠵᠠᠰᠠᠯ ᠤᠨ ᠳᠠᠰᠤᠭ ᠡᠴᠡ ᠴᠠᠭᠠᠨ ᠬᠤᠴᠢᠯᠭ᠎ᠠ ᠪᠠᠷ ᠪᠦᠳᠦᠭᠡᠭ᠍ᠰᠡᠭᠡᠷ ᠭᠠᠷᠴᠤ ᠢᠷᠠᠪᠠ᠃ ᠭᠦᠤ ᠨᠢ ᠰᠠᠠᠳᠤᠷᠠᠭᠰᠠᠭᠠᠷ᠄

᠊᠊᠊᠊᠊᠊᠊᠊᠊᠊᠊᠊᠊᠊᠊ ᠠᠪᠣ ᠶᠠᠭᠠᠭᠢᠪᠠ ︖ ᠭᠡᠭᠦ ᠪᠠᠷ ᠨᠥᠭᠦᠭᠡ ᠡᠮᠴᠢ᠄

᠊᠊᠊᠊᠊᠊᠊᠊᠊᠊᠊᠊᠊᠊᠊ ᠠᠪᠣ ᠶᠢ ᠴᠢᠨᠢ ᠮᠠᠰᠠ ᠵᠠᠰᠠᠯ ᠭᠢᠭᠦ ᠳᠤᠮᠳᠠ ᠪᠠᠶ᠎ᠠ ᠳᠤ ᠨᠢ ᠴᠤᠭᠢᠭᠰᠠᠨ ᠮᠢᠡᠴᠦᠷᠡᠭᠦᠯᠭᠦ ᠰᠢᠩᠭᠡᠨ ᠨᠢ ᠴᠠᠭ ᠡᠴᠡ ᠡᠷᠳᠡ ᠳᠠᠭᠤᠰᠴᠤ᠂ ᠨᠠᠰᠤᠳᠠᠢ ᠭᠦᠮᠤᠨ ᠤ ᠳᠡᠭᠡᠷ᠎ᠡ ᠣᠤᠯ ᠡᠴᠡ ᠪᠠᠨ ᠵᠢᠷᠦᠭᠡᠨ ᠡᠪᠡᠳᠴᠢᠨ ᠲᠡᠶ ᠡᠴᠡ ᠡᠪᠠᠦᠡᠭᠦ ᠶᠢ ᠳᠠᠰᠠᠪᠣᠷᠢᠯᠠᠵᠤ ᠳᠡᠢ᠌ᠯᠦᠭ᠍ᠰᠡᠨ ᠦᠭᠡᠶ ᠨᠠᠰᠤ ᠪᠠᠷᠠᠪᠠ ᠭᠡᠵᠡᠢ᠃

᠊᠊᠊᠊᠊᠊᠊᠊᠊᠊᠊᠊᠊᠊᠊ ᠶᠠᠭᠠᠭᠢᠭᠠᠤᠨ ᠡᠢ᠌ᠮᠤ ᠪᠣᠯᠪᠠ ︖ ᠳᠠᠨᠤᠰ ᠶᠠᠭᠠᠭᠢᠭᠠᠤᠨ ᠠᠵᠢᠯ ᠢ ᠡᠢ᠌ᠮᠤ ᠬᠠᠰᠢ ᠶᠠᠰᠢ ᠭᠢᠳᠡᠭ᠌ ᠶᠤᠮ᠃

᠊᠊᠊᠊᠊᠊᠊᠊᠊᠊᠊᠊᠊᠊᠊ ᠴᠢᠨᠤ ᠰᠡᠳᠭᠢᠯ ᠳᠤ ᠪᠢ ᠪᠣᠯ ᠴᠢᠳᠠᠯ ᠶᠢᠡᠷ ᠶᠢᠡᠨ ᠴᠢᠷᠮᠠᠢ᠌ᠭᠰᠠᠨ ᠰᠢᠤ᠃ ᠮᠢᠨᠤ ᠮᠠᠰᠠ ᠵᠠᠰᠠᠯ ᠶᠡᠭᠡ ᠠᠮᠵᠢᠯᠳᠠ ᠲᠡᠶ ᠶᠠᠪᠣᠭᠳᠠᠵᠤ ᠪᠠᠢ᠌ᠭᠰᠠᠨ᠃ ᠬᠠᠷᠢᠨ ᠴᠢ ᠳᠠᠪᠣᠰᠤ ᠪᠠᠨ ᠠᠭᠤᠰᠤᠳᠠᠯ᠎ᠠ ᠭᠢᠭ᠍ᠰᠡᠨ ᠦᠭᠡᠶ ᠪᠠᠢ᠌ᠨ᠎ᠠ᠃

᠊᠊᠊᠊᠊᠊᠊᠊᠊᠊᠊᠊᠊᠊᠊ ᠶᠠᠭᠤ ᠭᠡᠰᠡᠨ ᠥᠭᠡ ᠶᠤᠮ ︖

᠊᠊᠊᠊᠊᠊᠊᠊᠊᠊᠊᠊᠊᠊᠊ ᠴᠢ ᠦᠪᠡᠷ ᠶᠢᠡᠨ ᠮᠢᠡᠴᠦᠷᠡᠭᠦᠯᠭᠦ ᠳᠠᠷᠢᠯᠭ᠎ᠠ ᠳᠠᠯᠪᠢᠳᠠᠭ ᠡᠮᠴᠢ ᠳᠤ ᠰᠡᠳᠭᠢᠯ ᠶᠢᠡᠨ ᠢᠯᠡᠳᠭᠡᠭ᠍ᠰᠡᠨ ᠦᠦ ︖

᠊᠊᠊᠊᠊᠊᠊᠊᠊᠊᠊᠊᠊᠊᠊ ᠳᠡᠭᠦᠨ ᠳᠤ ᠨᠢ ᠪᠠᠰᠠ ᠢᠯᠡᠳᠭᠡᠳᠡᠭ᠌ ᠦᠦ ︖

ᠡᠮᠴᠢ ᠭᠤᠸᠠᠢ ᠳᠤᠯᠤᠭᠠᠢ ᠰᠠᠵᠢᠭᠰᠠᠭᠠᠷ ᠳᠠᠠᠳᠠ ᠡᠴᠡ ᠠᠶᠠᠷᠯᠠᠵᠤ ᠭᠡᠨ᠎ᠡ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠭᠦᠷᠢᠶᠡᠯᠡᠩ

ᠵᠤᠬᠢᠶᠠᠭᠴᠢ᠄ ᠪᠣᠷᠵᠢᠭᠢᠨ·ᠴᠡᠩᠭᠡᠷ ᠡᠪᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 8641
ᠴᠠᠭ᠄ 2011 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ