ᠬᠠᠮᠢᠭ᠎ᠠ ᠨᠢ ᠪᠣᠷᠤᠭᠤᠳᠠᠪᠠ ︖

ᠳᠤᠤᠷᠠᠭᠢ ᠬᠤᠶᠠᠷ ᠱᠤᠭ ᠪᠦᠷ ᠳᠤᠭᠠᠨ ᠤ ᠣᠬᠠᠭᠠᠨ ᠤ ᠳᠤᠬᠠᠢ ᠪᠣᠷᠤᠭᠤᠳᠠᠯ ᠡᠴᠡ ᠪᠣᠯᠵᠠᠢ᠃ ᠬᠠᠮᠳᠤ ᠰᠤᠷᠤᠭᠴᠢᠳ ᠱᠤᠭᠯᠠᠵᠤ ᠢᠨᠢᠶᠡᠭᠦ ᠶᠢᠨ ᠳᠠᠭᠠᠤ ᠳᠤ᠂ ᠳᠠᠳᠠᠨᠤᠰ ᠴᠤᠬᠤᠮ ᠬᠠᠮᠢᠭ᠎ᠠ ᠨᠢ ᠪᠣᠷᠤᠭᠤᠳᠠᠭᠰᠠᠨ ᠢ ᠪᠣᠳᠤᠯᠭᠢᠯᠠᠵᠤ ᠦᠵᠡ︕


ᠭᠠᠮᠰᠢᠭ ᠤᠨ ᠮᠡᠳᠡᠭᠡ


ᠡᠷᠳᠡ ᠣᠷᠢᠳᠤ ᠴᠠᠭ ᠲᠤ᠂ ᠨᠢᠭᠡᠨ ᠳᠠᠷᠢᠶᠠᠴᠢᠨ ᠰᠢᠶᠠᠨ ᠤ ᠨᠤᠶᠠᠨ ᠳᠤ ᠭᠠᠮᠰᠢᠭ ᠮᠡᠳᠡᠭᠡᠯᠡᠵᠡᠢ᠃

ᠰᠢᠶᠠᠨ ᠤ ᠨᠤᠶᠠᠨ᠄ 《ᠪᠣᠭᠤᠳᠠᠢ ᠶᠢᠨ ᠬᠤᠷᠢᠶᠠᠯᠳᠠ ᠭᠢᠷᠢ ᠵᠡᠷᠭᠡ︖》

ᠳᠠᠷᠢᠶᠠᠴᠢᠨ᠄ 《ᠭᠤᠷᠪᠠᠨ ᠬᠤᠪᠢ ᠃》

ᠰᠢᠶᠠᠨ ᠤ ᠨᠤᠶᠠᠨ᠄ 《ᠳᠡᠭᠡᠪᠠᠯ ᠳᠤᠳᠤᠷᠭ᠎ᠠ ᠭᠡᠳᠦᠢ ᠬᠤᠷᠢᠶᠠᠪᠠ︖》

ᠳᠠᠷᠢᠶᠠᠴᠢᠨ᠄ 《ᠬᠤᠶᠠᠷ ᠬᠤᠪᠢ᠃》

ᠰᠢᠶᠠᠨ ᠤ ᠨᠤᠶᠠᠨ᠄ 《ᠭᠦᠪᠦᠩ ᠭᠡᠳᠦᠢ ᠬᠤᠷᠢᠶᠠᠪᠠ︖》

ᠳᠠᠷᠢᠶᠠᠴᠢᠨ᠄ 《ᠬᠤᠶᠠᠷ ᠬᠤᠪᠢ᠃》

ᠰᠢᠶᠠᠨ ᠤ ᠨᠤᠶᠠᠨ ᠶᠡᠭᠡᠳᠡ ᠠᠭᠤᠷᠯᠠᠵᠤ᠂ ᠰᠢᠷᠡᠭᠡ ᠠᠯᠠᠭᠠᠳᠠᠨ ᠳᠠᠷᠢᠶᠠᠴᠢᠨ ᠢ ᠬᠠᠷᠢᠶᠠᠵᠤ ᠄

《ᠮᠠᠭᠤ ᠵᠥᠨᠦᠭ᠌ ᠴᠢ᠂ ᠪᠦᠷ ᠳᠤᠯᠤᠭᠠᠨ ᠬᠤᠪᠢ ᠶᠢᠨ ᠬᠤᠷᠢᠶᠠᠯᠳᠠ ᠲᠡᠶ ᠪᠣᠯᠴᠢᠬᠠᠭᠠᠤᠨ ᠪᠠᠰᠠ ᠶᠠᠭᠤᠨᠠᠢ ᠭᠠᠮᠰᠢᠭ ᠭᠡᠴᠢᠭ᠍ᠰᠡᠨ ᠪᠣᠢ︖ ᠬᠠᠭᠤᠷᠮᠠᠭ ᠪᠠᠷ ᠭᠠᠮᠰᠢᠭ ᠮᠡᠳᠡᠭᠡᠯᠡᠭᠦ ᠴᠢᠨᠢ ︕》 ᠭᠡᠭᠦ ᠳᠤ ᠳᠠᠷᠢᠶᠠᠴᠢᠨ ᠢᠨᠢᠶᠠᠵᠤ ᠴᠤ ᠴᠢᠳᠠᠬᠤ ᠦᠭᠡᠶ ᠣᠭᠢᠯᠠᠵᠤ ᠴᠤ ᠴᠢᠳᠠᠬᠤ ᠦᠭᠡᠶ ᠪᠣᠯᠤᠭᠰᠠᠨ ᠪᠠᠢ᠌ᠨ᠎ᠠ᠃ ᠳᠡᠭᠡᠭᠡᠤᠨ ᠵᠢᠭᠠᠬᠠᠨ ᠪᠣᠳᠤᠯᠭᠢᠯᠠᠭᠰᠠᠨ ᠤ ᠳᠠᠷᠠᠭ᠎ᠠ ᠥᠭᠦᠯᠡᠷᠤᠨ᠄

《ᠪᠢ ᠵᠠᠭᠤ ᠭᠤᠴᠢᠨ ᠨᠠᠰᠤᠯᠠᠳᠠᠯ᠎ᠠ ᠡᠢ᠌ᠮᠤ ᠭᠡᠴᠡᠭᠦᠤ ᠭᠠᠮᠰᠢᠭ ᠢ ᠰᠠ‍‌ᠶᠢ ᠦᠵᠡᠯ᠎ᠠ᠃》

ᠰᠢᠶᠠᠨ ᠤ ᠨᠤᠶᠠᠨ ᠶᠡᠭᠡᠳᠡ ᠭᠠᠢ᠌ᠬᠠᠰᠢ ᠲᠦᠷᠦᠨ ᠳᠠᠷᠢᠶᠠᠴᠢᠨ ᠢ ᠰᠢᠷᠳᠡᠭᠦ ᠳᠤ᠂ ᠳᠠᠷᠢᠶᠠᠴᠢᠨ ᠥᠭᠦᠯᠡᠷᠤᠨ᠄ 《ᠪᠢ ᠡᠨᠡ ᠵᠢᠯ ᠵᠢᠷᠠᠨ ᠨᠠᠰᠤᠳᠠᠢ᠂ ᠮᠢᠨᠤ ᠶᠡᠭᠡ ᠭᠦᠤ ᠳᠦᠴᠢᠨ ᠨᠠᠰᠤᠳᠠᠢ᠂ ᠪᠠᠭ᠎ᠠ ᠭᠦᠤ ᠭᠤᠴᠢᠨ ᠨᠠᠰᠤᠳᠠᠢ᠂ ᠨᠡᠢ᠌ᠯᠡᠭᠦᠯᠪᠠᠯ ᠳᠠᠷᠤᠢ ᠵᠠᠭᠤ ᠭᠤᠴᠢ ᠪᠢᠰᠢᠤ︖》


ᠪᠦᠰ ᠪᠣᠳᠤᠭᠯᠠᠭᠤᠯᠤᠭᠰᠠᠨ ᠬᠤᠭᠢᠷᠠᠯ


ᠡᠷᠳᠡ ᠣᠷᠢᠳᠤ ᠴᠠᠭ ᠲᠤ᠂ ᠨᠢᠭᠡ ᠭᠦᠮᠤᠨ 150 ᠵᠤᠭᠤᠰ ᠵᠠᠷᠤᠴᠠᠭᠤᠯᠤᠨ ᠨᠢᠭᠡ ᠫᠢ (匹) ᠴᠠᠭᠠᠨ ᠪᠦᠰ ᠬᠤᠳᠠᠯᠳᠤᠨ ᠠᠪᠴᠤ ᠪᠦᠰ ᠪᠣᠳᠤᠭᠯᠠᠬᠤ ᠭᠠᠵᠠᠷ ᠪᠣᠳᠤᠭᠯᠠᠭᠤᠯᠬᠤ ᠪᠠᠷ ᠣᠴᠢᠵᠠᠢ᠃ ᠪᠣᠳᠤᠭᠯᠠᠬᠤ ᠬᠠᠩᠰᠢ ᠶᠢ 300 ᠵᠤᠭᠤᠰ ᠶᠢᠡᠷ ᠭᠡᠯᠡᠯᠴᠡᠵᠤ ᠳᠤᠭᠢᠷᠠᠭᠰᠠᠨ ᠪᠠᠢ᠌ᠨ᠎ᠠ᠃ ᠭᠡᠳᠡᠯ᠎ᠡ ᠡᠨᠡ ᠭᠦᠮᠤᠨ ᠵᠤᠭᠤᠰ ᠨᠢ ᠭᠦᠷᠦᠯᠴᠡᠭᠦ ᠦᠭᠡᠶ ᠡᠴᠡ ᠪᠣᠯᠵᠤ ᠡᠳᠦᠷ ᠬᠤᠨᠤᠭ ᠨᠠᠯᠢᠶᠠᠤᠨ ᠣᠳᠠᠳᠠᠯ᠎ᠠ ᠪᠣᠳᠤᠭᠯᠠᠭᠤᠯᠤᠭᠰᠠᠨ ᠪᠦᠰ ᠶᠢᠡᠨ ᠠᠪᠬᠤ ᠪᠠᠷ ᠣᠴᠢᠵᠤ ᠳᠡᠢ᠌ᠯᠦᠭ᠍ᠰᠡᠨ ᠦᠭᠡᠶ᠃

ᠨᠢᠭᠡᠨ ᠡᠳᠦᠷ᠂ ᠪᠦᠰ ᠪᠣᠳᠤᠭᠯᠠᠭᠴᠢ ᠵᠡᠭᠡᠯᠢ ᠳᠡᠭᠡᠷ᠎ᠡ ᠡᠨᠡ ᠭᠦᠮᠤᠨ ᠲᠡᠶ ᠠᠭᠤᠯᠵᠠᠭᠠᠤᠨ᠂ ᠥᠵᠡᠮᠡᠭ᠍ᠴᠡ ᠵᠠᠭᠠᠮᠳᠠᠨ ᠠᠪᠴᠤ᠄ 《ᠴᠢ ᠨᠠᠳᠠ ᠥᠷᠢᠳᠡᠭ᠍ᠰᠡᠨ 300 ᠵᠤᠭᠤᠰ ᠶᠢᠡᠨ ᠶᠠᠭᠤᠨ ᠳᠤ ᠦᠭ‍ᠭᠦ ᠦᠭᠡᠶ ᠪᠣᠢ︖ ᠪᠢ ᠴᠢᠮᠢ᠋ᠢ ᠶᠠᠮᠤᠨ ᠳᠤ ᠵᠠᠭᠠᠯᠳᠤᠨ᠎ᠠ᠃》 ᠭᠡᠭᠦ ᠳᠤ ᠡᠨᠡ ᠭᠦᠮᠤᠨ ᠶᠡᠭᠡᠳᠡ ᠭᠡᠯᠮᠡᠭ᠍ᠳᠡᠵᠤ ᠭᠤᠶᠤᠵᠤ ᠥᠭᠦᠯᠡᠷᠤᠨ᠄ 《ᠮᠢᠨᠤ ᠳᠠᠷᠠ ᠨᠢᠭᠡ ᠫᠢ ᠪᠦᠰ 150 ᠵᠤᠭᠤᠰ ᠭᠦᠷᠦᠨ᠎ᠡ᠂ ᠪᠢ ᠳᠡᠭᠡᠷ᠎ᠡ ᠨᠢ ᠪᠠᠰᠠ 150 ᠵᠤᠭᠤᠰ ᠦᠭ‍ᠭᠦᠶ᠎ᠡ᠂ ᠳᠡᠭᠡᠪᠠᠯ ᠳᠠᠭᠠᠷᠠᠴᠢᠬᠠᠬᠤ ᠦᠭᠡᠶ ᠦᠦ︖ ᠳᠠ ᠨᠠᠳᠠ ᠶᠢ ᠳᠠᠯᠪᠢᠴᠢᠬ᠎ᠠ᠃》

ᠪᠦᠰ ᠪᠣᠳᠤᠭᠯᠠᠭᠴᠢ ᠵᠤᠭᠤᠰ ᠶᠢᠡᠨ ᠣᠯᠤᠭᠠᠤᠨ ᠪᠠᠶᠠᠷᠯᠠᠩᠭ᠋ᠤᠢ ᠪᠣᠴᠠᠵᠠᠢ᠃ ᠡᠨᠡ ᠭᠦᠮᠤᠨ ᠭᠡᠷ ᠲᠡᠭᠡᠨ ᠬᠠᠷᠢᠭᠠᠤᠨ᠄ 《ᠪᠢ ᠶᠠᠭᠠᠭᠢᠭᠠᠤᠨ ᠪᠦᠰ ᠴᠤ ᠪᠠᠢ᠌ᠬᠤ ᠦᠭᠡᠶ ᠪᠣᠯᠤᠭᠠᠤᠨ ᠪᠠᠰᠠ ᠳᠡᠭᠡᠷ᠎ᠡ ᠨᠢ 150 ᠵᠤᠭᠤᠰ ᠬᠤᠭᠢᠷᠠᠭᠤᠯᠴᠢᠬᠠᠪᠠ︖》 ᠭᠡᠵᠤ ᠶᠠᠭᠠᠭᠢᠵᠤ ᠪᠣᠳᠤᠭᠰᠠᠨ ᠴᠤ ᠣᠬᠠᠭᠠᠨ ᠢ ᠨᠢ ᠡᠰᠡ ᠣᠯᠪᠠᠢ᠃

ᠵᠤᠬᠢᠶᠠᠭᠴᠢ᠄ ᠳᠤᠰ ᠰᠦᠯᠵᠢᠶ᠎ᠠ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 3777
ᠴᠠᠭ᠄ 2005 ᠤᠨ ᠤ 11 ᠰᠠᠷ᠎ᠠ ᠶᠢᠨ 23