ᠪᠢᠯᠳᠠᠤᠴᠢᠯᠠᠵᠤ ᠰᠤᠷᠬᠤ ᠣᠬᠠᠭᠠᠨ

ᠠᠯᠪᠠᠨ ᠳᠤ ᠴᠢ ᠠᠵᠢᠯ ᠲᠡᠶ ᠪᠣᠯ

ᠠᠰ ᠤᠨ ᠳᠠᠷᠤᠭ᠎ᠠ ᠪᠠᠨ ᠠᠵᠢᠭᠯᠠᠵᠤ ᠰᠤᠷ᠂

ᠠᠭᠠᠰᠢ ᠠᠪᠳᠠᠯ᠂ ᠠᠪᠣᠷᠢ ᠵᠠᠩ ᠳ᠋ᠤᠨᠢ ᠭᠦᠷᠳᠡᠯ᠎ᠡ

ᠠᠪᠣ ᠡᠴᠠ ᠪᠠᠨ ᠦᠯᠡᠮᠵᠢ ᠣᠢ᠌ᠯᠠᠭᠠᠵᠤ ᠠᠪ ︕


ᠭᠡᠳᠥᠢᠪᠠᠷ ᠴᠢ ᠳᠠᠮᠠᠭᠢ ᠳᠠᠳᠠᠳᠠᠭ ᠦᠭᠡᠶ ᠴᠤ

ᠭᠡᠵᠢᠶᠡᠳᠡ ᠬᠠᠷᠮᠠᠨ ᠳᠠᠭᠠᠨ ᠪᠠᠯᠡᠭᠡᠨ ᠪᠠᠢ᠌ᠯᠭ᠎ᠠ᠂

ᠭᠡᠵᠢᠶ᠎ᠡ ᠨᠢᠭᠡ ᠡᠳᠦᠷ ᠲᠤᠬᠢᠶᠠᠯ ᠣᠯᠳᠠᠪᠠᠯ

ᠭᠡᠨ ᠡᠴᠠ ᠴᠤ ᠣᠷᠢᠳᠠᠵᠤ ᠳᠠᠷᠤᠭ᠎ᠠ ᠳᠠᠭᠠᠨ ᠨᠤᠴᠤᠭ᠎ᠠ᠃


ᠳᠠᠢ᠌ᠯᠠᠯᠭ᠎ᠠ ᠶᠢᠨ ᠰᠢᠷᠡᠭᠡᠨ ᠳᠤ ᠬᠠᠮᠳᠤ ᠰᠠᠭᠤᠯᠴᠠᠪᠠᠯ

ᠬᠠᠮᠤᠭ ᠠᠮᠳᠠᠳᠠᠢ ᠰᠢᠮᠠᠳᠠᠢ ᠶᠢ ᠨᠢ ᠰᠤᠩᠭ᠋ᠤᠵᠤ

ᠬᠠᠯᠪᠠᠭᠠᠳᠠᠵᠤ ᠳᠠᠷᠤᠭ᠎ᠠ ᠳᠠᠭᠠᠨ ᠣᠷᠢᠳᠠᠪᠠᠷ ᠥᠭ᠌᠂

ᠬᠠᠷ᠎ᠠ ᠠᠷᠢᠭᠢ ᠶᠢ ᠨᠢ ᠳᠠᠷᠤᠭ᠎ᠠ ᠪᠠᠨ ᠣᠷᠤᠯᠠᠵᠤ ᠣᠤᠭᠤ ︕


ᠳᠠᠷᠤᠭ᠎ᠠ ᠶᠢᠨ ᠶᠢᠡᠨ ᠭᠡᠷ ᠲᠤ ᠪᠣᠳᠠᠭᠠᠯᠠᠯᠭ᠎ᠠ ᠳᠠᠭᠠᠷᠠᠪᠠᠯ

ᠵᠠᠭᠤᠰᠢ ᠨᠤᠭᠤᠭ᠎ᠠ ᠶᠢ ᠨᠢ ᠢᠯᠡᠭᠦᠤ ᠰᠠᠢ᠌ᠮᠰᠤᠷᠠ᠃

ᠳᠠᠷᠭᠤᠨ ᠠᠪᠠᠭᠠᠢ ᠨᠢ ᠴᠢᠮ᠎ᠠ ᠶᠢ ᠳᠤᠭᠤᠴᠢᠬᠠᠪᠠᠯ

ᠵᠠᠮ ᠳᠤ ᠴᠢᠨᠢ ᠳᠤᠳᠬᠠᠷ ᠨᠢᠭᠡ ᠬᠠᠰᠤᠭᠳᠠᠨ᠎ᠠ᠃


ᠳᠡᠷᠭᠡ ᠪᠠᠷ ᠢᠷᠡᠭ᠍ᠰᠡᠨ ᠳᠠᠷᠤᠭ᠎ᠠ ᠪᠠᠨ

ᠳᠤᠰᠴᠤ ᠣᠴᠢᠭᠠᠤᠨ ᠡᠭᠦᠳᠡ ᠶᠢ ᠨᠢ ᠨᠡᠭᠡᠭᠡ᠃

ᠳᠤᠯᠤᠭᠠᠢ ᠨᠢ ᠳᠡᠭᠡᠭ᠍ᠰᠢ ᠪᠠᠨ ᠮᠦᠷᠭᠦᠭᠦᠵᠡᠢ ᠭᠡᠵᠤ

ᠳᠡᠭᠡᠷ᠎ᠡ ᠨᠢ ᠠᠯᠠᠭ᠎ᠠ ᠪᠠᠨ ᠳᠡᠯᠭᠡᠵᠤ ᠵᠤᠭᠰᠤ ︕


ᠳᠡᠷᠭᠡᠨ ᠳᠤ ᠭᠠᠷᠬᠤ ᠳᠠᠷᠤᠭ᠎ᠠ (ᠵᠠᠯᠠᠭᠤ ᠪᠣᠯᠪᠠᠴᠤ) ᠪᠠᠨ

ᠲᠡᠨᠳᠡᠭᠡ ᠡ᠊ᠨᠳᠡᠭᠡ ᠡᠴᠠ ᠨᠢ ᠲᠦᠰᠢᠵᠤ ᠡᠷᠭᠦ᠃

ᠳᠡᠷᠳᠡᠭᠡ ᠳᠠᠯᠳᠠᠷᠢᠳᠠᠯ᠎ᠠ ᠪᠦᠭᠦᠯᠵᠡᠵᠤ ᠯᠠ ᠪᠠᠢ᠂

ᠳᠡᠷᠭᠡᠨ ᠳᠤᠯᠢᠨ ᠳᠠᠭᠠᠨ ᠳᠠᠷᠤᠭ᠎ᠠ ᠴᠢᠨᠢ ᠦᠵᠡᠨ᠎ᠡ ᠡ ︕


ᠳᠠᠷᠤᠭ᠎ᠠ ᠶᠢᠨ ᠴᠢᠨᠢ ᠬᠡᠦᠬᠡᠳ ᠭᠢᠮᠤᠷᠠᠴᠢᠬᠠᠭᠰᠠᠨ ᠪᠠᠢ᠌ᠪᠠᠯ

ᠳᠠᠷᠤᠢ ᠳ᠋ᠤᠨᠢ ᠭᠦᠷᠴᠤ ᠪᠣᠯᠭᠤᠭᠠᠨ ᠦᠵᠡ᠂

ᠠᠮᠳᠠᠳᠠᠨ ᠤ ᠳᠡᠭᠡᠳᠤ ᠭᠡᠵᠤ ᠠᠪᠠᠴᠢᠯᠭᠠᠨ ᠦᠭᠡᠶ

ᠠᠷᠠᠤᠨ ᠤᠨ ᠵᠤᠭᠤᠰ ᠶᠢᠡᠨ ᠪᠠᠭᠯᠠᠵᠤ ᠭᠦᠷᠭᠡ᠃


ᠬᠤᠷᠠᠯ ᠳᠡᠭᠡᠷ᠎ᠡ ᠳᠠᠷᠤᠭ᠎ᠠ ᠴᠢᠨᠢ ᠶᠠᠷᠢᠶ᠎ᠠ ᠳᠠᠯᠪᠢᠪᠠᠯ

ᠬᠣᠢ᠌ᠨ᠎ᠠ ᠡᠴᠠ ᠨᠢ ᠴᠢ ᠴᠢᠬᠤᠯᠠᠴᠢᠯᠠᠨ ᠨᠤᠷᠱᠤ ︕

ᠦᠪᠡᠷ ᠤᠨ ᠦᠵᠡᠯᠳᠠ ᠪᠠᠨ ᠵᠠᠪᠰᠠᠷ ᠳᠤᠨᠢ ᠬᠠᠪᠴᠢᠭᠤᠯᠤᠭᠠᠤᠨ

ᠣᠬᠠᠮᠰᠠᠷ ᠦᠨᠳᠦᠷ ᠭᠡᠵᠤ ᠳᠠᠷᠤᠭ᠎ᠠ ᠳᠠᠭᠠᠨ ᠳᠠᠨᠢᠭᠳᠠ᠃


ᠳᠠᠷᠤᠭ᠎ᠠ ᠶᠢᠨ ᠴᠢᠨᠢ ᠴᠢᠷᠠᠢ ᠡᠭᠦᠯᠡᠰᠢᠨ ᠪᠠᠷᠣᠢ᠌ᠵᠤ ᠪᠠᠢ᠌ᠪᠠᠯ

ᠳᠤᠷ᠎ᠠ ᠦᠭᠡᠶ ᠴᠤ ᠭᠡᠰᠡᠨ ᠢᠨᠢᠶᠠᠵᠤ ᠥᠭ᠌᠃

ᠵᠥᠭᠡᠯᠡᠨ ᠣᠪᠣᠷᠯᠠᠵᠤ ᠪᠠᠶ᠎ᠠ ᠪᠠᠨ ᠪᠣᠷᠤᠭᠤᠳᠬᠠᠵᠤ ᠪᠠᠢ᠂

ᠵᠠᠪᠰᠢᠶᠠᠨ ᠣᠯᠪᠠᠯ ᠳᠠᠷᠤᠭ᠎ᠠ ᠪᠠᠨ ᠮᠠᠭᠳᠠᠬᠤ ᠪᠠᠨ ᠪᠣᠤ ᠮᠠᠷᠳᠠ᠃


ᠳᠠᠭᠠᠭᠰᠠᠤᠨ ᠤᠨ ᠶᠢᠡᠨ ᠡᠮᠤᠨ᠎ᠡ ᠪᠣᠯ ᠭᠡᠵᠢᠶᠡᠳᠡ

ᠳᠡᠭᠡᠭᠦᠷ ᠬᠠᠷᠠᠵᠤ ᠶᠠᠩᠪᠠᠷᠬᠠᠵᠤ ᠪᠠᠢ᠂

ᠳᠠᠷᠤᠭ᠎ᠠ ᠲᠡᠶ ᠪᠠᠨ ᠭᠦᠨ ᠨᠥᠭᠦᠷᠯᠡᠯ ᠲᠡᠶ ᠭᠡᠵᠤ

ᠳᠠᠭᠠᠯᠳᠤᠭᠤᠯᠵᠤ ᠳᠤᠳᠤᠳᠬᠠᠬᠤ ᠪᠠᠨ ᠪᠣᠤ ᠣᠮᠳᠠᠭᠠᠢ᠌ᠯᠠ ︕


ᠪᠣᠷᠬᠠᠨ ᠪᠣᠯᠪᠠᠴᠤ ᠪᠠᠯᠢᠩ ᠶᠢᠡᠷ ᠪᠠᠶᠠᠰᠳᠠᠭ

ᠪᠣᠳᠠᠩᠳᠤ ᠣᠷᠴᠢᠯᠠᠩ ᠤᠨ ᠣᠢ᠌ᠯᠠ ᠶᠢᠨ ᠦᠷ᠎ᠡ

ᠡᠳ᠋ ᠨᠢ ᠴᠠᠭᠠᠨ ᠴᠤ ᠨᠢᠳᠤ ᠨᠢ ᠣᠯᠠᠭᠠᠨ

ᠡᠷᠢᠶᠡᠨ ᠳᠤᠳᠤᠷ᠎ᠠ ᠲᠡᠶ ᠭᠦᠮᠤᠨ ᠤ ᠰᠠᠨᠠᠭ᠎ᠠ ᠁


ᠡᠷᠭᠡ ᠲᠡᠶ ᠨᠤᠶᠠᠤᠨ ᠤᠨ ᠡᠮᠤᠨ᠎ᠡ ᠨᠢᠭᠤᠷᠯᠢᠭ

ᠡᠳ᠋ ᠲᠡᠶ ᠪᠠᠶᠠᠤᠨ ᠤᠨ ᠨᠢᠳᠤᠨ ᠳᠤ ᠪᠠᠢ᠌ᠷᠢᠯᠢᠭ

ᠣᠯᠵᠠ ᠨᠠᠷ᠎ᠠ ᠲᠡᠶ ᠣᠭᠰᠤᠯᠵᠠᠶ᠎ᠠ ᠭᠡᠪᠠᠯ

ᠣᠬᠠᠭᠠᠨ ᠳᠠᠮᠳᠠᠢ ᠪᠢᠯᠳᠠᠤᠴᠢᠯᠠᠵᠤ ᠰᠤᠷ ︕


ᠭᠦᠷᠦᠰᠦᠳᠤ ᠳᠡᠯᠡᠭᠡᠢ ᠳᠤ ᠮᠦᠷ ᠠᠰᠬᠠᠨ ᠶᠠᠪᠣᠶ᠎ᠠ ᠭᠡᠪᠠᠯ

ᠭᠦᠮᠤᠨ ᠤ ᠰᠡᠳᠭᠢᠯ ᠳᠤ ᠨᠠᠷ᠎ᠠ ᠪᠣᠰᠤᠭ᠎ᠠ ᠠᠮᠢᠳᠤᠷᠠᠶ᠎ᠠ ᠭᠡᠪᠠᠯ

ᠥᠭᠡᠡᠴᠡ ᠪᠢᠯᠳᠠᠤᠴᠢ ᠶᠢ ᠡᠭᠦᠷᠢ ᠳᠠᠪᠴᠢ ︕

ᠦᠨᠡᠨ ᠤ ᠲᠦᠯᠦᠭᠡ ᠮᠦᠰᠤ ᠪᠠᠨ ᠳᠡᠭᠡᠳᠦᠯᠡ ︕


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠭᠤᠤᠯ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2584
ᠴᠠᠭ᠄ 2011 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ