ᠡᠷᠢᠯ

ᠨᠠᠷᠠ ᠳᠠᠷᠮᠠᠨ ᠳᠤᠯᠤᠭᠠᠢ ᠳᠠᠪᠠᠯ᠎ᠠ᠃ ᠳᠤᠰᠬᠤᠨ ᠤ ᠡᠪᠯᠡᠯ ᠤᠨ ᠡᠭᠦᠷ ᠤᠨ ᠱᠦᠵᠢ ᠰᠦᠮᠪᠦᠷ ᠤᠨ ᠬᠠᠪᠣᠷᠵᠢᠩ ᠤᠨ ᠣᠯᠠᠭᠠᠨ ᠸᠠᠭᠠᠷ ᠪᠠᠢ᠌ᠰᠢᠩ ᠳᠤ ᠰᠤᠮᠤᠨ ᠤ ᠪᠠᠳᠤ ᠱᠦᠵᠢ ᠳᠦᠷᠦᠭᠦᠳᠡᠢ ᠭᠡᠳᠤᠨ ᠺᠠᠳ᠋ᠷ ᠠᠷᠢᠭᠢ ᠮᠢᠬ᠎ᠠ ᠪᠠᠷ ᠭᠡᠭᠡᠷᠡᠭᠦᠯᠤᠨ᠂ ᠠᠳᠠᠷ ᠱᠠᠯᠠ ᠪᠠᠷ ᠣᠠᠳᠤᠢ ᠰᠤᠠᠳᠤᠢ ᠭᠦᠰᠡᠭᠡᠷᠡᠭ᠍ᠰᠡᠨ ᠰᠢᠯ ᠯᠤᠩᠬᠤ ᠶᠢ ᠭᠢᠰᠭᠢᠴᠠᠵᠤ᠂ ᠬᠠᠷᠰᠢᠵᠤ ᠬᠠᠷᠭᠤᠯᠳᠠᠭᠤᠯᠤᠨ᠂ ᠭᠦᠭᠡᠷᠡᠤ ᠭᠦᠭ᠍ᠰᠡᠭᠦᠤ 《ᠳᠠᠤᠯᠠᠢ ᠪᠦᠵᠢᠭ᠌》 ᠊ᠤᠨ ᠠᠶ᠎ᠠ ᠳᠠᠭᠠᠵᠤ ᠳᠠᠪᠰᠠᠵᠤ ᠳᠡᠭ᠍ᠳᠡᠨ ᠮᠤᠰᠭᠢᠷᠤᠯᠳᠤᠨ᠎ᠠ᠃ ᠭᠠᠷ ᠣᠳᠠᠰᠤᠨ ᠤ ᠪᠠᠴᠢᠮ ᠳᠠᠭᠤᠳᠠᠯᠭ᠎ᠠ ᠪᠠᠷ ᠵᠠᠷᠯᠢᠭ ᠠᠪᠣᠭᠰᠠᠨ ᠪᠠᠳᠤ ᠱᠦᠵᠢ ᠳᠠᠭᠠᠭᠰᠠᠤᠨ ᠶᠢᠡᠨ ᠳᠠᠷᠤᠢ ᠳᠦᠷᠭᠡᠨ ᠵᠠᠷᠯᠢᠭᠳᠠᠵᠤ ᠭᠠᠷᠭᠠᠨ ᠬᠠᠢ᠌ᠪᠠᠯᠵᠠᠵᠤ ᠳᠠᠢ᠌ᠪᠠᠯᠵᠠᠨ ᠠᠯᠬᠤᠭᠰᠠᠭᠠᠷ 《ᠵᠠᠨ ᠴᠢ》 ᠳᠡᠷᠭᠡᠨ ᠳᠡᠭᠡᠨ ᠴᠢᠳᠠᠨ ᠶᠠᠳᠠᠨ ᠮᠤᠷᠳᠠᠭᠠᠤᠨ ᠦᠳᠡᠨ ᠮᠤᠷᠳᠠᠭᠤᠯᠵᠤ ᠵᠤᠭᠰᠤᠭᠰᠠᠨ ᠭᠡᠷ ᠤᠨ ᠡᠵᠡᠨ ᠰᠦᠮᠪᠦᠷ ᠤᠨ ᠬᠠᠮᠠᠷ ᠤᠨ ᠭᠢᠷ᠎ᠠ ᠶᠢ ᠬᠤᠮᠤᠭᠤ ᠬᠤᠷᠤᠭᠤ ᠪᠠᠷ ᠶᠢᠡᠨ ᠴᠢᠴᠢᠵᠤ ᠳᠤᠭᠰᠢᠨ᠄

᠊᠊᠊᠊᠊᠊᠊᠊᠊᠊᠊᠊᠊᠊᠊ ᠰᠠᠨᠠᠭᠰᠠᠨ ᠶᠠᠪᠣᠳᠠᠯ ᠢ ᠴᠢᠨᠢ ᠰᠠᠭᠠᠤᠨ ᠦᠭᠡᠶ ᠪᠦᠳᠦᠭᠡᠵᠤ ᠦᠭ‍ᠭᠦᠯ᠎ᠡ᠃ ᠠᠩᠬᠠᠷ ︕ ᠪᠤᠤ ᠯᠠ ᠮᠠᠨ ᠤ ᠨᠢᠭᠤᠷ ᠢ ᠭᠦᠳᠡᠴᠢᠭᠡ ᠭᠡᠳ ᠪᠠᠷᠠᠭᠤᠨ ᠭᠠᠷ ᠰᠠᠵᠢᠯᠠᠮᠠᠭᠴᠠ ᠳᠡᠷᠭᠡ ᠣᠷᠤᠭᠰᠢ ᠪᠠᠨ ᠣᠬᠤᠰᠭᠢᠨ ᠣᠳᠤᠯ᠎ᠠ᠃

ᠬᠤᠨᠢ ᠮᠠᠯ ᠶᠢᠡᠨ ᠴᠢᠳᠠᠨ ᠶᠠᠳᠠᠨ ᠬᠤᠳᠠᠯᠠᠭᠰᠠᠨ ᠰᠦᠮᠪᠦᠷ ᠬᠤᠳᠠᠨ ᠳᠠᠭᠠᠨ ᠶᠠᠭᠠᠷᠠᠭᠰᠠᠨ ᠭᠡᠷᠭᠡᠢ ᠭᠦᠤ ᠪᠠᠨ ᠰᠢᠬᠠᠵᠤ ᠰᠢᠬᠠᠮᠳᠠᠭᠤᠯᠤᠨ ᠭᠡᠷ ᠲᠡᠭᠡᠨ ᠣᠷᠤᠭᠠᠤᠨ ᠠᠷᠠᠤᠨ ᠤᠨ ᠶᠡᠭᠡ ᠬᠤᠷᠠᠯ ᠳᠤ ᠣᠷᠢᠭᠳᠠᠭᠰᠠᠨ ᠨᠠᠷ᠎ᠠ ᠭᠦᠡᠳᠦᠳᠤ ᠵᠤᠴᠢᠨ ᠭᠡᠮᠡᠷ ᠬᠤᠳᠠ ᠶᠢᠨ ᠵᠠᠰᠠᠭ ᠤᠨ ᠣᠷᠳᠤᠨ ᠤ 《ᠮᠤᠩᠭ᠋ᠤᠯ ᠵᠠᠩ ᠣᠢ᠌ᠯᠠ ᠶᠢᠨ ᠥᠵᠡᠭᠦᠯᠦᠯᠭᠡ》 ᠶ᠋ᠢᠨ ᠣᠷᠢᠯᠭ᠎ᠠ ᠵᠠᠯᠠᠯᠭ᠎ᠠ ᠶᠢ ᠨᠠᠢ᠌ᠳᠠᠯᠠᠯ᠎ᠠ᠃ ᠰᠦᠮᠪᠦᠷ ᠭᠦᠡᠳᠤ ᠡᠭᠦᠷᠭᠡ ᠬᠠᠷᠢᠭᠤᠴᠠᠯᠭ᠎ᠠ ᠭᠦᠯᠢᠶᠡᠭ᠍ᠰᠡᠨ ᠶᠢᠡᠨ ᠪᠣᠳᠤᠨ ᠪᠣᠳᠤᠬᠤᠯᠠᠷ ᠳᠤᠭᠳᠠᠪᠣᠷᠢ ᠠᠯᠳᠠᠨ᠂ ᠠᠷᠢᠭᠢᠨ ᠰᠤᠭᠳᠤᠭᠤ ᠨᠢ ᠮᠦᠳᠳᠤ ᠰᠡᠷᠢᠭᠡᠭᠦ ᠰᠢᠤᠬᠠᠨ ᠪᠣᠯᠤᠭᠠᠤᠨ ᠶᠠᠭᠤ ᠶᠠᠭᠠᠭᠢᠬᠤ ᠪᠠᠨ ᠣᠯᠵᠤ ᠶᠠᠳᠠᠨ ᠣᠷᠢᠯᠭ᠎ᠠ ᠪᠢᠴᠢᠭ᠌ ᠢ ᠳᠡᠯᠭᠡᠵᠤ ᠦᠵᠡᠪᠠᠯ᠂ ᠣᠠᠴᠠᠭᠠᠢ᠌ᠯᠠᠨ ᠳᠤᠳᠤᠷᠬᠠᠢ᠌ᠯᠠᠭᠰᠠᠨ ᠣᠴᠢᠷ ᠪᠣᠯ ᠨᠠᠢ᠌ᠷ ᠲᠤ ᠰᠠᠭᠠᠳᠠᠭᠰᠠᠤᠨ ᠪᠦᠭᠦᠨ ᠡᠷᠭᠡᠪᠰᠢ ᠥᠭᠡ ᠶᠠᠷᠢᠶ᠎ᠠ᠂ ᠡᠮᠦᠰᠭᠡᠯ ᠵᠠᠰᠠᠯ ᠣᠨᠤᠯᠭ᠎ᠠ ᠵᠠᠷᠤᠯᠭ᠎ᠠ ᠵᠡᠷᠭᠡ ᠬᠠᠮᠤᠷᠠᠭᠳᠠᠬᠤ ᠪᠦᠭᠦᠨ ᠳᠤ 《ᠮᠤᠩᠭ᠋ᠤᠯ》 ᠶ᠋ᠢᠡᠨ ᠪᠦᠷᠢᠨ ᠳᠤᠪᠣᠢ᠌ᠯᠭᠠᠭᠰᠠᠨ ᠪᠠᠢ᠌ᠬᠤ ᠶᠢ ᠴᠢᠬᠤᠯᠠᠴᠢᠯᠠᠨ ᠱᠠᠭᠠᠷᠳᠠᠭᠰᠠᠨ ᠪᠠᠢ᠌ᠪᠠ᠃ ᠰᠦᠮᠪᠦᠷ ᠭᠦᠤ ᠪᠠᠨ ᠣᠴᠢᠭᠤᠯᠵᠤ ᠳᠠᠯᠠᠢ᠌ᠭᠴᠢ ᠡᠴᠢᠭᠡ ᠶᠢᠨ ᠶᠢᠡᠨ ᠠᠮᠢᠨ ᠬᠠᠢ᠌ᠷᠠᠳᠠᠢ ᠭᠦᠷᠡᠩ (ᠣᠩᠭ᠋ᠤᠯᠠᠨ ᠳᠠᠷᠬᠠᠯᠠᠭᠰᠠᠨ ᠰᠠᠳᠤᠷ ᠮᠤᠷᠢ) ᠶ᠋ᠢᠡᠨ ᠳᠠᠭᠤᠵᠤ ᠠᠪᠴᠢᠷᠠᠭᠠᠤᠨ ᠥᠩᠭᠡ ᠠᠯᠠᠭᠯᠠᠭᠰᠠᠨ ᠮᠢᠩᠭ᠋ᠠᠨ ᠵᠠᠩᠭᠢᠯᠠᠭ᠎ᠠ ᠲᠡᠶ ᠰᠦᠯᠢᠶᠤᠤ ᠰᠢᠳᠠᠮᠠᠰᠤ ᠪᠠᠷ ᠣᠶᠠᠵᠤ ᠳᠤᠷᠭᠠᠨ (ᠮᠠᠭᠤᠬᠠᠨ ᠣᠶᠠᠵᠤ ᠭᠦᠯᠢᠨ)᠂ ᠪᠦᠳᠤᠨ ᠰᠦᠨᠢ ᠬᠤᠳᠠ ᠪᠠᠭᠤᠷᠢ ᠶᠢᠨ ᠬᠤᠭ ᠴᠦᠪᠣᠳᠠᠯ ᠢ ᠳᠤᠯᠢᠶᠠᠯᠭᠠᠵᠤ ᠬᠤᠨᠤᠯ᠎ᠠ᠃ ᠮᠠᠨᠠᠢ ᠵᠠᠯᠠᠭᠤ ᠭᠡᠷᠭᠡᠢ ᠪᠦᠰᠡᠭᠦᠢ ᠪᠠᠨ ᠭᠡᠯᠡ ᠰᠢᠠᠵᠢᠯᠠᠯ ᠤᠨ ᠭᠢᠨᠠᠭᠴᠢ ᠶᠢᠨ ᠰᠠᠭᠤᠳᠠᠯ ᠳᠤ ᠣᠷᠢᠵᠤ ᠰᠠᠭᠤᠯᠭᠠᠨ᠂ ᠥᠪᠠᠷᠳᠡᠭᠡᠨ ᠳᠤᠭᠯᠠᠭᠴᠢ ᠶᠢᠨ ᠳᠠᠢ᠌ᠰᠠᠨ ᠳᠤ ᠭᠠᠷᠴᠤ᠃ 《ᠡᠷᠡᠭᠦᠯ ᠴᠠᠪᠠᠷ》 ᠡᠭᠡ ᠭᠡᠯᠡ ᠪᠠᠨ ᠰᠦᠨᠢᠵᠢᠨ ᠴᠡᠭᠡᠵᠢᠯᠡᠵᠤ ᠪᠣᠯᠪᠠᠰᠤᠷᠠᠭᠰᠠᠨ ᠪᠠᠢ᠌ᠪᠠ᠃

ᠦᠣᠷ ᠭᠡᠭᠡᠷᠡᠭᠦ ᠪᠠᠷ ᠮᠠᠨᠠᠢ ᠵᠠᠯᠠᠭᠤ ᠠᠪᠳᠠᠷ᠎ᠠ ᠥᠭᠦᠭ᠌ ᠪᠦᠭᠦᠨ ᠶᠢᠡᠨ ᠣᠩᠭ᠋ᠣᠢ᠌ᠴᠠᠨ ᠠᠭᠤᠳᠠᠯᠯᠠᠵᠤ ᠪᠠᠢ᠌ᠭᠰᠠᠭᠠᠷ ᠥᠭᠦᠭᠦ ᠶᠢᠨ ᠣᠯᠠᠭᠠᠨ ᠠᠮᠢᠨ ᠳᠤ ᠣᠳᠠᠭᠠᠨ ᠣᠨ ᠥᠭᠦᠭ᠌ ᠤᠨ ᠢᠷᠤᠭᠠᠷ ᠰᠠᠭᠢᠭᠰᠠᠨ ᠦᠴᠢ ᠯᠠᠪᠰᠢᠭ ᠶᠢᠡᠨ ᠡᠷᠢᠵᠤ ᠣᠯᠤᠭᠠᠤᠨ ᠳᠦᠩᠭᠡᠵᠢ ᠨᠢᠭᠡ ᠡᠮᠦᠰᠭᠡᠯ ᠵᠡᠭᠦᠯᠳᠡ ᠲᠡᠶ ᠪᠣᠯᠤᠯ᠎ᠠ ᠴᠤ ᠡᠩᠭᠡᠷ ᠵᠠᠳᠠᠭᠠᠢ ᠶᠠᠪᠣᠯ ᠲᠡᠶ ᠪᠢᠰᠢ᠃ ᠳᠠᠭᠢᠭᠠᠤᠨ ᠪᠦᠰᠡ ᠪᠦᠰᠡᠯᠡᠭᠦᠷ ᠤᠨ ᠨᠠᠩᠵᠢᠯᠳᠠ ᠪᠣᠯᠵᠤ ᠢᠷᠤᠭᠠᠷ ᠲᠡᠶ ᠣᠩᠭ᠋ᠤᠷᠬᠠᠢ ᠪᠦᠭᠦᠨ ᠶᠢᠡᠨ ᠣᠩᠭᠢᠴᠠᠵᠤ ᠣᠷᠪᠠᠭᠤᠯᠤᠨ ᠭᠤᠷᠪᠠᠨ ᠥᠩᠭᠡ ᠶᠢᠨ ᠬᠠᠳᠠᠭ ᠡᠷᠢᠵᠤ ᠣᠯᠤᠨ ᠠᠷᠠᠢ ᠭᠡᠵᠤ ᠨᠢᠭᠡ ᠡᠩᠭᠡᠷ ᠬᠠᠮᠰᠠᠭᠤᠯᠬᠤ ᠵᠥᠳᠡᠭᠡᠭᠦᠨ ᠶᠠᠭᠤᠮ᠎ᠠ ᠲᠡᠶ ᠪᠣᠯᠵᠤ ᠦᠪᠡᠷ ᠪᠠᠶ᠎ᠠ ᠪᠠᠨ ᠮᠦᠴᠢᠳ ᠴᠢᠮᠡᠭᠡᠳ ᠮᠤᠷᠳᠠᠬᠤ ᠪᠣᠯᠬᠤ ᠳᠤ ᠳᠤᠬᠤᠯᠭ᠎ᠠ ᠳᠤᠬᠤᠮ᠂ ᠳᠠᠳᠠᠯᠭ᠎ᠠ ᠣᠶᠠᠯᠭ᠎ᠠ ᠶᠢᠨ ᠭᠡᠴᠡᠭᠦᠤ ᠡᠷᠢᠯ ᠳᠤᠯᠭᠠᠷᠠᠵᠤ᠂ ᠭᠠᠴᠢᠭᠳᠠᠵᠤ ᠰᠠᠠᠳᠤᠷᠤᠭᠰᠠᠨ ᠮᠠᠨᠠᠢ ᠵᠠᠯᠠᠭᠤ ᠶᠢᠨ ᠭᠠᠰᠠᠯ ᠶᠠᠷᠪᠠᠭ ᠦᠣᠷ ᠤᠨ ᠳᠡᠭ᠍ᠷᠢ ᠳᠤ ᠴᠤᠤᠷᠢᠶᠠᠳᠤᠵᠤ᠂ ᠣᠠᠳᠠᠩᠬᠠᠢ ᠮᠤᠤᠷ ᠢ ᠰᠤᠴᠢᠭᠠᠯ᠎ᠠ᠃ ᠡᠷᠢᠯ ᠮᠦᠨ ᠦᠷᠭᠦᠯᠵᠢᠯᠡᠭ᠍ᠰᠡᠭᠡᠷ᠁

ᠬᠠᠵᠠᠭᠠᠷ ᠨᠤᠭᠳᠤᠨ ᠳ᠋ᠤᠨᠢ ᠵᠢᠯᠤᠭᠤ ᠴᠤᠯᠪᠣᠭᠤᠷ ᠦᠭᠡᠶ᠂ ᠡᠮᠡᠭᠡᠯ ᠰᠢᠷᠳᠡᠭ᠌ ᠳᠤᠨᠢ ᠭᠠᠠᠵᠤᠭ᠎ᠠ ᠵᠢᠷᠤᠮ ᠪᠠᠰᠠ ᠦᠭᠡᠶ᠂ ᠡᠨᠡ ᠳᠠᠷᠠ ᠡᠰᠡ ᠳᠤᠳᠠᠬᠤ ᠶᠢᠨ ᠦᠭᠡᠶ᠃ 《ᠳᠠᠢ᠌ᠨ ᠢᠷᠡᠭᠦ ᠳᠤ ᠳᠠᠷᠢ ᠡᠯᠳᠡᠨ᠎ᠡ》 ᠭᠡᠭ᠍ᠴᠢ ᠪᠠᠷ ᠮᠠᠨᠠᠢ ᠵᠠᠯᠠᠭᠤ ᠨᠠᠷᠢᠨ ᠣᠬᠠᠭ᠎ᠠ ᠵᠠᠷᠤᠵᠤ᠂ ᠰᠦᠯᠢᠶᠤᠤ ᠮᠢᠠᠳᠠᠰᠤ ᠪᠦᠰ ᠮᠠᠳᠤ ᠶᠢᠨ ᠴᠢᠨᠠᠷ ᠮᠠᠲ᠋ᠸᠷᠢᠶᠠᠯ ᠢᠵᠢᠯ ᠪᠣᠰᠤ ᠶᠢᠨ ᠡᠷᠢᠶᠡᠨ ᠠᠯᠠᠭ ᠳᠠᠳᠠᠯᠭ᠎ᠠ ᠣᠶᠠᠯᠭ᠎ᠠ ᠶᠢᠨ ᠰᠢᠳᠠᠮᠠᠰᠤ ᠵᠤᠬᠢᠶᠠᠵᠤ ᠡᠪᠯᠡᠭᠦᠯᠦᠭᠡᠳ ᠠᠶᠠᠨ ᠵᠠᠮ ᠳᠠᠭᠠᠨ ᠮᠤᠷᠳᠠᠯ᠎ᠠ᠃

ᠥᠭᠡ ᠭᠡᠯᠡ ᠨᠢ ᠡᠷᠡᠮᠳᠡᠭ᠌᠂ ᠡᠮᠦᠰᠭᠡᠯ ᠵᠠᠰᠠᠯ ᠨᠢ ᠵᠡᠷᠡᠮᠳᠡᠭ᠌᠂ ᠣᠨᠤᠭ᠎ᠠ ᠭᠦᠯᠭᠡ ᠨᠢ ᠰᠢᠷᠪᠠᠭ᠎ᠠ᠂ ᠳᠤᠬᠤᠯᠭ᠎ᠠ ᠴᠢᠮᠡᠭᠯᠡᠯ ᠨᠢ ᠰᠤᠯᠤᠭᠠᠢ ᠡᠢ᠌ᠮᠤ ᠨᠢᠭᠡ ᠵᠢᠱᠢᠭ᠍ᠳᠡᠮᠡᠯ ᠵᠠᠯᠠᠭᠤ 《ᠮᠤᠩᠭ᠋ᠤᠯ ᠵᠠᠩ ᠣᠢ᠌ᠯᠠ ᠶᠢᠨ ᠥᠵᠡᠭᠦᠯᠦᠯᠭᠡ》 ᠬᠤᠷᠠᠯ ᠳᠤ ᠳᠠᠭᠤᠯᠠᠵᠤ ᠶᠠᠪᠣᠨ᠎ᠠ᠃ ᠳᠡᠭᠦᠨ ᠤ ᠰᠢᠠᠵᠢ ᠳᠦᠷᠭᠦ ᠦᠵᠡᠵᠤ ᠬᠠᠷᠠᠭᠰᠠᠨ ᠭᠦᠭ᠍ᠰᠢᠨ ᠮᠤᠷᠢᠨ ᠰᠢᠭ ᠨᠣᠢ᠌ᠷ ᠬᠤᠯᠵᠢᠭᠰᠠᠨ ᠨᠤᠳᠤᠭ ᠤᠨ ᠪᠣᠭᠤᠷᠤᠯᠴᠤᠳ ᠰᠡᠭᠦᠷᠡᠰᠤ ᠠᠯᠳᠠᠨ᠂ ᠮᠠᠨᠢ ᠮᠡᠭ᠍ᠴᠢᠮ ᠣᠩᠰᠢᠵᠤ ᠰᠥᠭᠦᠳᠴᠤ ᠵᠠᠯᠪᠢᠷᠠᠨ᠎ᠠ ᠪᠢᠯᠠ᠃


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠸ·ᠦᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 2595
ᠴᠠᠭ᠄ 2011 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁