ᠢᠨᠠᠭ ᠤᠨ ᠳᠠᠭᠤᠤ

ᠬᠤᠯᠠ ᠶᠢᠨ ᠬᠤᠯᠠ ᠳᠡᠭ᠍ᠷᠢ ᠶᠢᠨ ᠭᠢᠵᠠᠭᠠᠷ ᠲᠤ

ᠬᠤᠶᠠᠷ ᠵᠢᠷᠦᠭᠡ ᠡᠭᠦᠯᠡᠨ ᠳᠤᠯᠤᠭᠠᠢ ᠳᠠᠷᠤᠵᠤ

ᠬᠤᠩᠭ᠋ᠤᠷ ᠨᠠᠮᠤᠷ ᠤᠨ ᠭᠦᠷᠳᠤᠨ ᠨᠠᠷᠠᠨ ᠳᠤᠤᠷ᠎ᠠ

ᠬᠤᠨᠤᠭ ᠤᠨ ᠵᠡᠭᠦᠳᠤᠨ ᠳᠤ ᠳᠤᠷᠠᠰᠤᠯ ᠤᠨ ᠭᠡᠯᠭᠢᠶ᠎ᠡ ᠵᠠᠯᠠᠨ᠎ᠠ

ᠳᠠᠭᠠᠨ᠎ᠠ ᠶᠢᠨ ᠦᠨᠦᠷ ᠲᠡᠶ ᠰᠡᠪᠠᠯᠵᠡᠭᠦᠷ ᠰᠠᠯᠭᠢᠨ ᠳ᠋ᠤ

ᠳᠠᠩᠭ᠋ᠠᠷᠢᠭ ᠶᠢᠡᠨ ᠦᠭ‍ᠭᠦᠭ᠍ᠰᠡᠨ ᠰᠠᠷ᠎ᠠ ᠡᠳᠦᠷ ᠨᠢ ᠪᠠᠯᠠᠷᠠᠵᠤ ᠪᠠᠢ᠌ᠭ᠎ᠠ ᠴᠤ

ᠳᠠᠮᠠᠭᠠᠯᠠᠭᠠᠤᠨ ᠳᠠᠯᠪᠢᠭᠰᠠᠨ ᠭᠠᠵᠠᠷ ᠲᠠᠭᠠᠨ ᠬᠤᠶᠠᠷ ᠵᠢᠷᠦᠭᠡ

ᠳᠠᠳᠠᠷᠠᠰᠢ ᠦᠭᠡᠶ ᠴᠤᠭᠢᠯᠠᠵᠤ ᠪᠠᠢ᠌ᠬᠤ ᠶᠢ ᠶᠠᠭᠠᠭᠢᠶ᠎ᠠ

ᠳᠦᠷᠡᠯᠵᠡᠵᠤ ᠪᠠᠢ᠌ᠭ᠎ᠠ ᠢᠨᠠᠭ ᠤᠨ ᠬᠠᠯᠠᠭᠤᠨ ᠭᠠᠯ ᠡᠴᠡ

ᠲᠦᠯᠦ ᠶᠢ ᠨᠢ ᠡᠪᠦᠷᠯᠡᠭᠡᠤᠨ ᠨᠠᠷᠠᠨ ᠤ ᠳᠤᠤᠷ᠎ᠠ ᠳᠤᠯᠠᠢ᠌ᠭ᠎ᠠ ᠦᠦ︖

ᠳᠤᠯᠠᠯᠵᠠᠵᠤ ᠪᠠᠢ᠌ᠭ᠎ᠠ ᠵᠠᠯᠠᠭᠤ ᠨᠠᠰᠤᠨ ᠤ ᠭᠠᠷ ᠡᠴᠡ

ᠳᠦᠯᠭᠢᠭᠦᠷ ᠢ ᠨᠢ ᠣᠯᠤᠭᠠᠤᠨ ᠡᠭᠦᠯᠡᠨ ᠤ ᠳᠡᠭᠡᠷ᠎ᠡ ᠳᠠᠩᠭᠢᠨᠠᠭ᠎ᠠ ᠦᠦ︖

ᠰᠤᠭᠳᠤᠭᠤᠷᠠᠵᠤ ᠪᠠᠢ᠌ᠭᠰᠠᠨ ᠢᠨᠠᠭ ᠤᠨ ᠴᠡᠭᠡᠯᠭᠡᠨ ᠳᠠᠭᠤᠤ ᠡᠴᠡ

ᠰᠤᠳᠤ ᠶᠢ ᠨᠢ ᠰᠢᠩᠭᠡᠭᠡᠭᠡᠤᠨ ᠪᠣᠳᠤᠯ ᠤᠨ ᠦᠨᠳᠦᠷ ᠲᠤ ᠳᠡᠮᠡᠤᠯᠡᠭᠡ ᠦᠦ︖

ᠰᠤᠨᠤᠰᠴᠤ ᠪᠠᠢ᠌ᠭᠰᠠᠨ ᠬᠠᠢ᠌ᠷ᠎ᠠ ᠶᠢᠨ ᠣᠶᠠᠬᠠᠨ ᠳᠤᠮᠤᠭ ᠡᠴᠡ

ᠰᠤᠮᠤ ᠶᠢ ᠨᠢ ᠰᠢᠭᠦᠷᠦᠭᠡᠤᠨ ᠡᠷᠭᠡᠰ ᠤᠨ ᠣᠷᠤᠢ ᠳᠤ ᠳᠡᠭᠦᠯᠢᠭᠡ ᠦᠦ︖

ᠢᠷᠠᠭᠤ ᠡᠭᠡᠰᠢᠭ᠌ ᠲᠡᠶ ᠭᠦᠳᠡᠭᠡ ᠶᠢᠨ ᠳᠡᠨᠢᠭᠡᠷ ᠳᠠᠯ᠎ᠠ ᠳᠤ

ᠢᠷᠭᠤᠢ ᠲᠡᠶ ᠬᠠᠮᠳᠤ ᠳᠤᠷᠠᠯᠠᠯ ᠤᠨ ᠴᠡᠴᠡᠭ᠌ ᠳᠠᠯᠪᠢ ᠪᠠᠨ ᠵᠠᠳᠠᠯᠤᠨ᠎ᠠ

ᠢᠨᠢᠶᠠᠵᠤ ᠪᠠᠢ᠌ᠭ᠎ᠠ ᠳᠠᠷᠠ ᠴᠡᠴᠡᠭ᠌ ᠤᠨ ᠳᠠᠯᠪᠢᠨ ᠳᠡᠭᠡᠷ᠎ᠡ

ᠢᠷᠡᠭᠡᠳᠦᠢ ᠶᠢᠨ ᠵᠢᠷᠭᠠᠯ ᠰᠥ᠋ ᠰᠢᠭ᠌ ᠪᠦᠮᠪᠦᠭᠡᠨᠡᠨ᠎ᠡ

ᠬᠠᠪᠣᠷ ᠤᠨ ᠥᠩᠭᠡ ᠪᠠᠷ ᠳᠡᠯᠭᠡᠷᠡᠭ᠍ᠰᠡᠨ ᠮᠢᠩᠭ᠋ᠠᠨ ᠴᠡᠴᠡᠭ᠌ ᠲᠤ

ᠬᠠᠨᠢ ᠶᠢᠨ ᠵᠠᠶᠠᠭ᠎ᠠ ᠲᠡᠶ ᠬᠤᠶᠠᠷ ᠵᠢᠷᠦᠭᠡ ᠨᠠᠷᠠ ᠨᠢ ᠶᠤᠮ ᠰᠢᠤ︕

ᠬᠠᠰ ᠤᠨ ᠭᠢᠯᠪᠠᠭ᠎ᠠ ᠰᠤᠪᠣᠷᠠᠭᠰᠠᠨ ᠲᠦᠮᠡᠨ ᠢᠨᠠᠭ ᠲᠤ

ᠬᠠᠢ᠌ᠷ᠎ᠠ ᠶᠢᠨ ᠳᠠᠭᠤᠤ ᠲᠡᠶ ᠬᠤᠤᠰ ᠵᠢᠷᠦᠭᠡ ᠡᠵᠡᠨ ᠨᠢ ᠶᠤᠮ ᠰᠢᠤ︕

ᠵᠤᠬᠢᠶᠠᠭᠴᠢ᠄ ᠵᠢ᠊·ᠠᠩᠭᠢᠷ
ᠬᠠᠷᠢᠶ᠎ᠠ᠄ ᠰᠢᠯᠦᠭ
ᠳᠠᠷᠤᠮ᠄ 4844
ᠴᠠᠭ᠄ 2007 ᠤᠨ ᠤ 05 ᠰᠠᠷ᠎ᠠ ᠶᠢᠨ 15