ᠠᠪᠣ ᠮᠢᠨᠢ ᠦᠷᠤᠰᠢᠶᠠ

ᠨᠠᠷᠭᠢᠮ᠎ᠠ ᠳᠠᠩᠭᠢᠯ ᠴᠠᠭ ᠲᠤ ᠨᠠᠷᠮᠠᠢ ᠬᠠᠢ᠌ᠷ᠎ᠠ ᠶᠢ ᠴᠢᠨᠢ ᠣᠬᠠᠯ ᠥᠭᠡᠢ

ᠨᠠᠷᠠᠯᠠᠭ ᠬᠤᠷᠸ᠎ᠠ ᠶᠢᠨ ᠪᠣᠷᠤ ᠳᠤᠭᠤᠰᠤᠨ ᠳᠤ ᠡᠷᠭᠡ ᠳᠤᠷ᠎ᠠ ᠪᠠᠷ ᠱᠤᠩᠪᠠᠯ᠎ᠠ

ᠨᠠᠰᠤᠨ ᠤ ᠳᠠᠪᠠᠭ᠎ᠠ ᠥᠡᠳᠦᠷᠯᠡᠭᠦᠯᠡᠷ ᠳᠠᠩᠳᠠ ᠳᠠᠨ ᠢ ᠪᠠᠨ ᠳᠤᠷᠠᠰᠬᠤ ᠶᠤᠮ

ᠨᠠᠷᠠ ᠲᠡᠶ ᠡᠳᠦᠷ ᠤᠨ ᠵᠡᠭᠦᠳᠤᠨ ᠳᠤ ᠴᠤ ᠮᠦᠷ ᠰᠡᠭᠦᠳᠡᠷ ᠴᠢᠨᠢ ᠳᠤᠳᠤᠷᠠᠬᠤ ᠶᠤᠮ

᠊᠊᠊᠊᠊᠊᠊᠊᠊᠊᠊᠊᠊᠊᠊ ᠠᠪᠣ ᠮᠢᠨᠢ ᠦᠷᠤᠰᠢᠶᠠ ᠦᠷ᠎ᠡ ᠨᠠᠮ᠎ᠠ ᠪᠠᠨ


ᠬᠠᠳᠠᠭᠤ ᠪᠠᠷ ᠬᠠᠢ᠌ᠷᠠᠯᠠᠳᠠᠭ ᠬᠠᠢ᠌ᠷ᠎ᠠ ᠶᠢ ᠴᠢᠨᠢ ᠬᠤᠵᠢᠳ ᠰᠡᠷᠡᠭ᠍ᠰᠡᠨ ᠳᠤ ᠪᠠᠨ

ᠬᠠᠳᠠᠳᠤ ᠠᠭᠤᠯᠠ ᠶᠢᠨ ᠰᠡᠵᠢᠭᠦᠷ ᠢ ᠳᠤᠯᠤᠭᠠᠢ ᠴᠤᠭᠤᠷᠳᠠᠯ᠎ᠠ ᠮᠦᠷᠭᠦᠮᠡᠷ ᠪᠠᠢ᠌ᠨ᠎ᠠ

ᠠᠮᠢᠳᠤ ᠶᠢᠨ ᠵᠢᠷᠭᠠᠯᠠᠩ ᠢ ᠡᠳ᠋ᠯᠡᠭᠦᠯᠵᠤ ᠴᠢᠳᠠᠭ᠎ᠠ ᠦᠭᠡᠶ ᠣᠩᠭ᠋ᠤᠯᠳᠤᠭᠰᠠ ᠳᠤ ᠪᠠᠨ

ᠠᠰᠬ᠎ᠠ ᠬᠠᠳᠠᠨ ᠤ ᠴᠢᠯᠠᠭᠤ ᠶᠢ ᠰᠢᠳᠤ ᠣᠨᠠᠳᠠᠯ᠎ᠠ ᠵᠠᠵᠢᠯᠤᠮᠠᠷ ᠪᠠᠢ᠌ᠨ᠎ᠠ

᠊᠊᠊᠊᠊᠊᠊᠊᠊᠊᠊᠊᠊᠊᠊ ᠠᠪᠣ ᠮᠢᠨᠢ ᠦᠷᠤᠰᠢᠶᠠ ᠦᠷ᠎ᠡ ᠨᠠᠮ᠎ᠠ ᠪᠠᠨ


ᠰᠠᠨᠠᠳᠠᠭ ᠵᠤᠪᠠᠳᠠᠭ ᠪᠦᠭᠦᠨ ᠢ ᠠᠮᠰᠠᠬᠤ ᠳᠤ ᠪᠠᠨ ᠰᠠᠨᠠᠯ ᠢ ᠴᠢᠨᠢ ᠣᠬᠠᠯ᠎ᠠ

ᠰᠠᠭᠢᠳᠠᠭ ᠵᠢᠷᠤᠮᠯᠠᠳᠠᠭ ᠪᠦᠭᠦᠨ ᠢ ᠭᠢᠴᠢᠶᠡᠭᠦ ᠳᠤ ᠪᠠᠨ ᠰᠤᠷᠭᠠᠯ ᠢ ᠴᠢᠨᠢ ᠰᠡᠭᠡᠯ᠎ᠡ

ᠰᠠᠭᠢᠯ ᠤᠨ ᠬᠠᠤᠯᠢ ᠶᠢ ᠭᠠᠤᠯᠢ ᠣᠷᠤᠯᠠᠭᠰᠠᠨ ᠡᠨᠡ ᠴᠠᠭ ᠴᠢᠨᠠᠷ ᠢ ᠴᠢᠨᠢ ᠭᠦᠡᠳᠦᠳᠭᠡᠯ᠎ᠡ

ᠰᠠᠮᠰᠠᠭᠠᠢ ᠪᠠᠨ ᠬᠠᠳᠠᠳᠠᠯ᠎ᠠ ᠵᠢᠳᠭᠦᠪᠠᠴᠤ ᠦᠵᠦᠭᠦᠷ ᠭᠠᠷᠬᠤ ᠦᠭᠡᠶ ᠳᠡᠩᠭᠡᠭᠡᠳᠡᠵᠤ ᠶᠠᠪᠣᠨ᠎ᠠ

᠊᠊᠊᠊᠊᠊᠊᠊᠊᠊᠊᠊᠊᠊᠊ ᠠᠪᠣ ᠮᠢᠨᠢ ᠦᠷᠤᠰᠢᠶᠠ ᠦᠷ᠎ᠡ ᠨᠠᠮ᠎ᠠ ᠶᠢ ᠪᠠᠨ


ᠬᠠᠨᠠᠨ ᠭᠡᠷ ᠤᠨ ᠪᠠᠳᠤ ᠳᠦᠰᠢᠭ᠌ ᠳᠠ ᠮᠢᠨᠢ ᠰᠡᠷᠡᠭᠦᠨ ᠪᠠᠢ᠌ᠭᠰᠠᠨ ᠪᠣᠯ

ᠬᠠᠨᠠᠭᠠᠷ ᠣᠷᠴᠢᠯᠠᠩ ᠳᠤ ᠵᠤᠯ ᠢᠪᠠᠭᠡᠵᠤ ᠭᠡᠢ ᠮᠤᠷᠢ ᠮᠢᠨᠢ ᠮᠠᠠᠳᠤᠬᠤ ᠶᠤᠮ

ᠬᠠᠩᠬᠠᠭᠠᠷ ᠦᠷᠭᠡᠨ ᠴᠡᠭᠡᠵᠢ ᠶᠢ ᠴᠢᠨᠢ ᠨᠠᠯᠠᠨ ᠨᠠᠯᠠᠨ ᠪᠠᠶᠠᠰᠬᠤ ᠶᠤᠮ

ᠬᠠᠪᠣ ᠴᠡᠩᠭᠡᠯᠳᠤ ᠠᠮᠢᠳᠤᠷᠠᠯ ᠬᠠᠪᠣᠷ ᠤᠨ ᠵᠡᠷᠭᠡᠯᠭᠡᠨ ᠰᠢᠭ᠌ ᠮᠢᠷᠠᠯᠵᠠᠬᠤ ᠶᠤᠮ

᠊᠊᠊᠊᠊᠊᠊᠊᠊᠊᠊᠊᠊᠊᠊ ᠠᠪᠣ ᠮᠢᠨᠢ ᠦᠷᠤᠰᠢᠶᠠ ᠦᠷ᠎ᠡ ᠨᠠᠮ᠎ᠠ ᠶᠢ ᠪᠠᠨ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤ

ᠵᠤᠬᠢᠶᠠᠭᠴᠢ᠄ ᠡᠰᠡᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1684
ᠴᠠᠭ᠄ 2013 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ