ᠮᠤᠩᠭ᠋ᠤᠯ ᠭᠡᠯᠡ ᠮᠢᠨᠢ

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠳᠡᠯᠡᠭᠡᠢ ᠶᠢᠨ ᠭᠡᠯᠡᠨ ᠤ ᠡᠡᠭ᠍ᠨᠡᠭᠡᠨ ᠳᠤ

ᠳᠡᠷᠢᠭᠦᠯᠡᠨ ᠪᠠᠢ᠌ᠷᠢᠰᠢᠭ᠎ᠠ

ᠭᠡᠯᠡᠭᠦ ᠳᠤ ᠡᠪ ᠲᠡᠶ

ᠭᠡᠷᠡᠭᠯᠡᠭᠦ ᠳᠤ ᠠᠶᠠᠳᠠᠢ

ᠦᠶ᠎ᠡ ᠶᠢᠨ ᠦᠶ᠎ᠡ ᠦᠨᠳᠦᠰᠦ ᠵᠠᠯᠭᠠᠬᠤ

ᠦᠨᠢ ᠮᠥᠩᠭᠡ ᠶᠢᠨ ᠰᠤᠳᠤᠷ ᠪᠢᠯᠠ᠃

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠰᠠᠷᠠᠭᠤᠯ ᠳᠠᠯ᠎ᠠ ᠪᠠᠨ

ᠳᠡᠯᠡᠷᠡᠭᠦᠯᠭᠦ ᠡᠴᠡ ᠪᠢᠰᠢ

ᠠᠪᠴᠢᠭᠤᠯᠳᠠᠭ ᠦᠭᠡᠶ

ᠠᠮᠢ ᠨᠠᠰᠤᠨ ᠤ ᠮᠢᠨᠢ

ᠨᠤᠭᠤᠭᠠᠨ ᠱᠠᠩᠰᠢ ᠪᠢᠯᠠ᠃

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠭᠦᠯᠦᠭ᠍ᠴᠢ ᠦᠨᠳᠦᠰᠦᠳᠠᠨ ᠤ

ᠭᠠᠩ ᠳᠤᠭᠤᠷᠠᠢ ᠡᠴᠡ

ᠣᠴᠢ ᠪᠣᠳᠠᠷᠠᠬᠤ

ᠳᠡᠯᠡᠭᠡᠢ ᠶᠢ ᠳᠤᠩᠰᠤᠯᠭᠠᠭᠰᠠᠨ ᠳᠡᠭ᠍ᠷᠢᠯᠢᠭ᠌ ᠭᠦᠪᠠᠭᠦᠨ ᠤ ᠣᠮᠤᠭ ᠪᠢᠯᠠ᠃

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠨᠠᠰᠤ ᠪᠠᠨ ᠦᠭ‍ᠭᠦ ᠦᠭᠡᠶ

ᠨᠤᠳᠤᠭ ᠶᠢᠡᠨ ᠦᠭ‍ᠭᠦ ᠦᠭᠡᠶ

ᠰᠢᠷᠠᠮᠦ᠋ᠷᠠᠨ ᠡᠴᠡ ᠱᠤᠤᠭᠢᠵᠤ ᠢᠷᠡᠭ᠍ᠰᠡᠨ

ᠭᠠᠳᠠ ᠮᠠᠢ᠌ᠷᠠᠨ ᠤ ᠳᠠᠭᠤᠤ ᠪᠢᠯᠠ᠃

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠦᠷᠦᠭᠡᠯ ᠪᠣᠰᠤᠳ ᠡᠴᠡ

ᠦᠪᠡᠷ ᠤᠨ ᠪᠠᠶ᠎ᠠ ᠪᠠᠨ ᠳᠠᠨᠢᠵᠤ ᠴᠢᠳᠠᠭᠰᠠᠨ

ᠰᠠᠷᠠᠨ ᠭᠡᠭᠡᠨ ᠳᠤᠯᠢ

ᠰᠠᠨᠠᠭ᠎ᠠ ᠴᠠᠭᠠᠨ ᠳᠦᠷᠭᠦ ᠪᠢᠯᠠ᠃

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠤᠢ᠌ᠷ᠎ᠡ ᠡᠴᠡ ᠠᠯᠤᠰ ᠢ ᠠᠵᠢᠨ

ᠠᠯᠤᠰ ᠡᠴᠡ ᠤᠢ᠌ᠷ᠎ᠡ ᠶᠢ ᠰᠢᠡᠵᠢᠭᠦ

ᠬᠤᠯᠠ ᠶᠢ ᠬᠠᠷᠠᠭᠰᠠᠨ ᠳᠤᠷᠠᠨ

ᠬᠠᠷᠠᠭ᠎ᠠ ᠶᠢ ᠳᠡᠯᠡᠭ᠍ᠰᠡᠨ ᠬᠠᠩᠭ᠋ᠠᠢ ᠪᠢᠯᠠ᠃

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠥᠡᠳᠦᠷᠯᠢᠭ᠌ ᠤᠨ ᠲᠦᠪᠰᠢᠨ ᠳᠤ

ᠥᠮᠦᠭ᠌ ᠪᠣᠯᠤᠨ ᠰᠥᠡᠳᠡᠷᠯᠡᠭ᠍ᠰᠡᠨ

ᠳᠠᠯᠠᠨ ᠬᠠᠷ᠎ᠠ ᠶᠢᠨ ᠠᠷᠠᠠᠰᠢᠨ ᠲᠡᠶ

ᠳᠡᠭ᠍ᠷᠢ ᠶᠢᠨ ᠪᠣᠰᠤᠭ᠎ᠠ ᠳᠠᠮᠠᠭ᠎ᠠ ᠪᠢᠯᠠ᠃

ᠮᠤᠩᠭ᠋ᠤᠯ ᠭᠡᠯᠡ ᠊᠊᠊᠊᠊᠊᠊᠊᠊᠊᠊᠊᠊᠊᠊

ᠨᠠᠳᠠᠳᠤ ᠳᠠᠭᠠᠨ ᠪᠣᠯ

ᠮᠤᠯᠤᠷ ᠡᠷᠳᠡᠨᠢ ᠪᠠᠢ᠌ᠨᠠᠮ

ᠲᠦᠮᠡᠨ ᠦᠶ᠎ᠡ ᠶᠢ ᠠᠮᠢᠵᠢᠷᠠᠯ ᠶᠢᠡᠷ ᠭᠡᠢ᠌ᠭᠦᠯᠭᠦ

ᠳᠦᠭᠡᠮᠡᠯ ᠢᠯᠴᠢᠳᠤ ᠨᠠᠷᠠ ᠪᠠᠢ᠌ᠨᠠᠮ ︕


ᠵᠤᠬᠢᠶᠠᠭᠴᠢ ᠶᠢᠨ ᠬᠠᠶᠠᠭ ᠄ ᠳᠦᠡᠭᠯᠢᠶ‍ᠦᠤ ᠮᠤᠩᠭ᠋ᠤᠯ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ

ᠵᠤᠬᠢᠶᠠᠭᠴᠢ᠄ ᠪᠠ᠊·ᠤᠳᠽᠠᠷ
ᠢᠷᠡᠯᠲᠡ᠄ ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ
ᠬᠠᠷᠢᠶ᠎ᠠ᠄ ᠰᠢᠯᠦᠭ
ᠳᠠᠷᠤᠮ᠄ 3474
ᠴᠠᠭ᠄ 2014 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ